ᠢᠣᠸᠠᠨ 10
10
ᠠᠷᠪᠠᠳᠤᠭᠠᠷ ᠪᠦᠯᠦᠭ ᠅
1ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠠᠯᠢ ᠬᠡᠨ ᠡᠭᠦᠳᠡᠨ ᠢᠶᠡᠷ ᠣᠷᠣᠯ ᠦᠭᠡᠭᠦᠶ᠎ᠡ ᠪᠤᠰᠤ ᠨᠢᠭᠡᠨ ᠵᠦᠭ ᠢᠶᠡᠷ ᠬᠣᠨᠢᠨ ᠤ ᠬᠦᠷᠢᠶᠡᠨ ᠳᠦᠷ ᠣᠷᠣᠭᠴᠢ ᠠᠨᠤ ᠬᠤᠯᠠᠭᠠᠶᠢᠴᠢ ᠬᠢᠭᠡᠳ ᠳᠡᠭᠡᠷᠮᠡᠴᠢ ᠮᠥᠨ᠃ 2ᠬᠠᠷᠢᠨ ᠡᠭᠦᠳᠡᠨ ᠢᠶᠡᠷ ᠣᠷᠣᠭᠴᠢ ᠠᠨᠤ ᠬᠣᠨᠢᠴᠢ ᠮᠥᠨ᠃ 3ᠲᠡᠭᠦᠨ ᠳᠦᠷ ᠡᠭᠦᠳᠡᠨ ᠢ ᠰᠠᠬᠢᠭᠴᠢ ᠠᠨᠤ ᠨᠡᠭᠡᠳᠡᠭ᠃ ᠬᠣᠨᠢᠳ ᠴᠤ ᠲᠡᠭᠦᠨ ᠦ ᠳᠠᠭᠤᠨ ᠢ ᠰᠣᠨᠣᠰᠤᠳᠠᠭ᠃ ᠲᠡᠷᠡ ᠢᠨᠦ ᠥᠪᠡᠷ ᠦᠨ ᠬᠣᠨᠢᠳ ᠢ ᠨᠡᠷ᠎ᠡ ᠪᠡᠷ ᠳᠠᠭᠤᠳᠠᠵᠤ ᠭᠠᠳᠠᠨ᠎ᠠ ᠤᠳᠤᠷᠢᠳᠤᠳᠠᠭ᠃ 4ᠪᠠᠰᠠ ᠲᠡᠷᠡ ᠢᠨᠦ ᠥᠪᠡᠷ ᠦᠨ ᠬᠣᠨᠢᠳ ᠢ ᠭᠠᠷᠭᠠᠬᠤᠢ ᠳᠠᠭᠠᠨ ᠲᠡᠳᠡᠨ ᠦ ᠡᠮᠦᠨ᠎ᠡ ᠶᠠᠪᠤᠳᠠᠭ᠃ ᠬᠣᠨᠢᠳ ᠢᠨᠦ ᠲᠡᠭᠦᠨ ᠢ ᠳᠠᠭᠠᠳᠠᠭ ᠬᠡᠮᠡᠪᠡᠰᠦ᠂ ᠲᠡᠳᠡ ᠢᠨᠦ ᠲᠡᠭᠦᠨ ᠦ ᠳᠠᠭᠤᠨ ᠢ ᠲᠠᠨᠢᠮᠤᠢ᠃ 5ᠬᠠᠷᠢᠨ ᠲᠡᠳᠡ ᠢᠨᠦ ᠪᠤᠰᠤ ᠬᠦᠮᠦᠨ ᠢ ᠦᠯᠦ ᠳᠠᠭᠠᠵᠤ᠂ ᠲᠡᠭᠦᠨ ᠡᠴᠡ ᠳᠤᠲᠠᠭᠠᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠪᠤᠰᠤ ᠬᠦᠮᠦᠨ ᠦ ᠳᠠᠭᠤᠨ ᠢ ᠡᠰᠡ ᠲᠠᠨᠢᠮᠤᠢ᠃ 6ᠬᠡᠮᠡᠨ ᠢᠢᠰᠦᠰ ᠦᠨ ᠲᠡᠳᠡᠨ ᠳᠦᠷ ᠦᠯᠢᠭᠡᠷ ᠢᠶᠡᠷ ᠵᠠᠷᠯᠢᠭ ᠪᠣᠯᠤᠭᠰᠠᠨ ᠳᠤᠷ ᠲᠡᠳᠡ ᠢᠨᠦ ᠶᠠᠭᠤᠨ ᠥᠭᠦᠯᠡᠭᠰᠡᠨ ᠢ ᠡᠰᠡ ᠣᠨᠤᠪᠠᠢ᠃ 7ᠲᠡᠶᠢᠮᠦ ᠶᠢᠨ ᠲᠤᠯᠠ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠪᠢ ᠪᠡᠷ ᠬᠣᠨᠢᠳ ᠤᠨ ᠡᠭᠦᠳᠡ ᠮᠥᠨ᠃ 8ᠨᠠᠳᠠᠴᠠ ᠤᠷᠢᠳᠠ ᠬᠠᠮᠤᠭ ᠢᠷᠡᠭᠰᠡᠳ ᠢᠨᠦ ᠬᠤᠯᠠᠭᠠᠶᠢᠴᠢᠳ ᠬᠢᠭᠡᠳ ᠳᠡᠭᠡᠷᠡᠮᠴᠢᠳ ᠪᠥᠯᠦᠭᠡ᠃ ᠵᠦᠭᠡᠷ ᠬᠣᠨᠢᠳ ᠠᠨᠤ ᠲᠡᠳᠡᠨ ᠢ ᠡᠰᠡ ᠰᠣᠨᠣᠰᠪᠠᠢ᠃ 9ᠪᠢ ᠪᠡᠷ ᠡᠭᠦᠳᠡ ᠮᠥᠨ᠃ ᠬᠡᠷᠪᠡ ᠠᠯᠢ ᠬᠡᠨ ᠨᠠᠳᠠᠪᠠᠷ ᠣᠷᠣᠪᠠᠰᠤ ᠡᠯ᠎ᠡ᠂ ᠲᠡᠷᠡ ᠢᠨᠦ ᠲᠣᠨᠢᠯᠵᠤ᠂ ᠣᠷᠣᠬᠤᠢ ᠬᠢᠭᠡᠳ ᠭᠠᠷᠬᠤᠢ ᠳᠠᠭᠠᠨ ᠲᠡᠵᠢᠭᠡᠯ ᠢ ᠣᠯᠬᠤ ᠪᠤᠢ᠃ 10ᠬᠤᠯᠠᠭᠠᠶᠢᠴᠢ ᠠᠨᠤ ᠢᠮᠠᠭᠲᠠ ᠬᠤᠯᠠᠭᠠᠶᠢᠯᠠᠬᠤ ᠬᠢᠭᠡᠳ ᠦᠬᠦᠭᠦᠯᠬᠦ ᠪᠠ ᠲᠠᠰᠤᠯᠬᠤ ᠶᠢᠨ ᠲᠤᠯᠠ ᠢᠷᠡᠳᠡᠭ᠃ ᠪᠢ ᠪᠡᠷ ᠲᠡᠳᠡᠨ ᠦ ᠠᠮᠢᠨ ᠢ ᠣᠯᠵᠤ᠂ ᠬᠠᠨᠤᠲᠠᠯ᠎ᠠ ᠣᠯᠬᠤ ᠶᠢᠨ ᠲᠤᠯᠠ ᠢᠷᠡᠭᠰᠡᠨ ᠪᠤᠢ᠃ 11ᠪᠢ ᠪᠡᠷ ᠰᠠᠶᠢᠨ ᠬᠣᠨᠢᠴᠢ ᠮᠥᠨ᠃ ᠰᠠᠶᠢᠨ ᠬᠣᠨᠢᠴᠢ ᠠᠨᠤ ᠥᠪᠡᠷ ᠦᠨ ᠠᠮᠢᠨ ᠢ ᠬᠣᠨᠢᠳ ᠤᠨ ᠲᠤᠯᠠ ᠥᠭᠭᠦᠮᠦᠢ᠃ 12ᠬᠣᠨᠢᠴᠢ ᠪᠤᠰᠤ ᠪᠣᠯᠤᠭᠠᠳ ᠬᠣᠨᠢᠨ ᠤ ᠡᠵᠡᠨ ᠴᠤ ᠪᠤᠰᠤ ᠪᠥᠭᠡᠲᠡᠯ᠎ᠡ ᠱᠠᠩ ᠢᠶᠠᠷ ᠰᠠᠬᠢᠭᠴᠢ ᠬᠦᠮᠦᠨ ᠢᠨᠦ ᠴᠢᠨᠤ᠎ᠠ ᠶᠢᠨ ᠢᠷᠡᠬᠦᠢ ᠶᠢ ᠦᠵᠡᠬᠦᠢ ᠳᠦᠷ᠂ ᠬᠣᠨᠢᠳ ᠢ ᠣᠭᠤᠷᠴᠤ ᠳᠤᠲᠠᠭᠠᠳᠠᠭ᠃ ᠲᠡᠶᠢᠨ ᠪᠥᠭᠡᠳ ᠴᠢᠨᠤ᠎ᠠ ᠠᠨᠤ ᠬᠣᠨᠢᠳ ᠢ ᠲᠠᠰᠤᠯᠵᠤ ᠲᠡᠳᠡᠨ ᠢ ᠲᠠᠷᠬᠠᠭᠠᠳᠠᠭ᠃ 13ᠱᠠᠩ ᠢᠶᠠᠷ ᠰᠠᠬᠢᠭᠴᠢ ᠠᠨᠤ ᠱᠠᠩ ᠢᠶᠠᠷ ᠰᠠᠬᠢᠭᠴᠢ ᠮᠥᠨ ᠪᠦᠬᠦ ᠶᠢᠨ ᠲᠤᠯᠠ ᠬᠣᠨᠢᠳ ᠢ ᠡᠰᠡ ᠲᠣᠭᠠᠭᠠᠨ ᠳᠤᠲᠠᠭᠠᠳᠠᠭ᠃ 14ᠪᠢ ᠪᠡᠷ ᠰᠠᠶᠢᠨ ᠬᠣᠨᠢᠴᠢ ᠠᠵᠤ᠂ ᠬᠣᠨᠢᠳ ᠢᠶᠠᠨ ᠲᠠᠨᠢᠨ᠂ ᠲᠡᠳᠡᠨ ᠳᠦᠷ ᠴᠤ ᠲᠠᠨᠢᠭᠳᠠᠮᠤᠢ᠃ 15ᠮᠢᠨᠦ ᠡᠴᠢᠭᠡ ᠢᠨᠦ ᠨᠠᠮᠠᠶᠢ ᠲᠠᠨᠢᠳᠠᠭ ᠮᠡᠲᠦ ᠪᠢ ᠴᠤ ᠡᠴᠢᠭᠡ ᠶᠢ ᠲᠠᠨᠢᠳᠠᠭ᠃ ᠪᠠᠰᠠ ᠪᠢ ᠪᠡᠷ ᠬᠣᠨᠢᠳ ᠤᠨ ᠲᠤᠯᠠ ᠠᠮᠢᠨ ᠢᠶᠠᠨ ᠥᠭᠭᠦᠮᠦᠢ ᠅ 16ᠵᠢᠴᠢ ᠡᠨᠡ ᠬᠦ ᠬᠦᠷᠢᠶᠡᠨ ᠦ (ᠬᠣᠨᠢᠳ) ᠠᠴᠠ ᠨᠠᠳᠤᠷ ᠪᠤᠰᠤ ᠬᠣᠨᠢᠳ ᠪᠤᠢ᠃ ᠲᠡᠳᠡᠨ ᠢ ᠴᠤ ᠪᠢ ᠪᠡᠷ ᠢᠷᠡᠭᠦᠯᠬᠦ ᠶᠣᠰᠤ ᠲᠤ ᠪᠤᠢ᠃ ᠲᠡᠳᠡ ᠴᠤ ᠮᠢᠨᠦ ᠳᠠᠭᠤᠨ ᠢ ᠰᠣᠨᠣᠰᠬᠤ ᠪᠤᠢ᠃ ᠲᠡᠶᠢᠨ ᠪᠥᠭᠡᠳ ᠭᠠᠭᠴᠠ ᠰᠦᠷᠦᠭ ᠬᠢᠭᠡᠳ ᠭᠠᠭᠴᠠ ᠬᠣᠨᠢᠴᠢ ᠪᠣᠯᠬᠤ ᠪᠤᠢ᠃ 17ᠡᠴᠢᠭᠡ ᠢᠨᠦ ᠨᠠᠮᠠᠶᠢ ᠡᠭᠦᠨ ᠦ ᠲᠤᠯᠠ ᠢᠨᠠᠭᠯᠠᠮᠤᠢ ᠬᠡᠮᠡᠪᠡᠰᠦ᠂ ᠪᠢ ᠪᠡᠷ ᠬᠣᠶᠢᠨᠠ ᠠᠪᠲᠠᠬᠤᠢ ᠠᠮᠢᠨ ᠢᠶᠠᠨ ᠥᠭᠭᠦᠮᠦᠢ᠃ 18ᠬᠡᠨ ᠴᠤ (ᠠᠮᠢᠨ ᠢ) ᠨᠠᠳᠠᠴᠠ ᠡᠰᠡ ᠠᠪᠤᠮᠤᠢ᠃ ᠬᠠᠷᠢᠨ ᠪᠢ ᠪᠡᠷ ᠥᠪᠡᠷ ᠦᠨ ᠳᠤᠷ᠎ᠠ ᠪᠠᠷ ᠥᠭᠭᠦᠮᠦᠢ᠃ ᠲᠡᠭᠦᠨ ᠢ ᠥᠭᠬᠦᠢ ᠡᠷᠬᠡ ᠨᠠᠳᠤᠷ ᠪᠤᠢ ᠪᠥᠭᠡᠳ᠂ ᠳ᠋ᠠᠬᠢᠨ ᠠᠪᠬᠤᠢ ᠴᠤ ᠡᠷᠬᠡ ᠪᠤᠢ ᠪᠣᠯᠠᠢ᠃ ᠡᠨᠡ ᠬᠦ ᠳᠠᠭᠠᠭᠠᠪᠤᠷᠢᠨ ᠢ ᠪᠢ ᠪᠡᠷ ᠥᠪᠡᠷ ᠦᠨ ᠡᠴᠢᠭᠡ ᠡᠴᠡ ᠠᠪᠤᠪᠠᠢ᠃ 19ᠬᠡᠮᠡᠨ ᠵᠠᠷᠯᠢᠭ ᠪᠣᠯᠤᠭᠰᠠᠨ ᠤ ᠤᠴᠢᠷ᠎ᠠ ᠶᠦᠳᠠᠲᠠᠨ ᠢᠨᠦ ᠳ᠋ᠠᠬᠢᠨ ᠥᠪᠡᠷ ᠵᠠᠭᠤᠷ᠎ᠠ ᠪᠠᠨ ᠪᠤᠯᠢᠶᠠᠯᠳᠤᠯ ᠲᠤ ᠪᠣᠯᠪᠠᠢ᠃ 20ᠪᠠᠰᠠ ᠲᠡᠳᠡᠨ ᠡᠴᠡ ᠣᠯᠠᠨ ᠠᠨᠤ ᠡᠶᠢᠨ᠃ ᠲᠡᠷᠡ ᠢᠨᠦ ᠴᠢᠳᠬᠦᠷ᠎ᠡ ᠪᠠᠷᠢᠭᠳᠠᠭᠠᠳ᠂ ᠤᠬᠠᠭᠠᠨ ᠢᠶᠠᠨ ᠠᠯᠳᠠᠭᠰᠠᠨ ᠪᠤᠢ᠃ ᠲᠠ ᠪᠡᠷ ᠲᠡᠭᠦᠨ ᠢ ᠶᠠᠭᠤᠨ ᠤ ᠲᠤᠯᠠ ᠰᠣᠨᠣᠰᠤᠮᠤᠶᠤ᠃ 21ᠬᠡᠮᠡᠨ ᠥᠭᠦᠯᠡᠪᠡᠴᠦ ᠪᠤᠰᠤᠳ ᠠᠨᠤ ᠡᠶᠢᠨ᠃ ᠡᠳᠡ ᠢᠨᠦ ᠴᠢᠳᠬᠦᠷ᠎ᠡ ᠪᠠᠷᠢᠭᠳᠠᠭᠰᠠᠨ ᠤ ᠦᠢᠯᠡᠰ ᠪᠤᠰᠤ᠃ ᠴᠢᠳᠬᠦᠷ᠎ᠡ ᠪᠠᠷᠢᠭᠳᠠᠭᠰᠠᠨ ᠠᠨᠤ ᠰᠣᠬᠣᠷ ᠨᠤᠭᠤᠳ ᠤᠨ ᠨᠢᠳᠦᠳ ᠢ ᠨᠡᠭᠡᠵᠦ ᠴᠢᠳᠠᠮᠤᠶᠤ᠃ ᠬᠡᠮᠡᠨ ᠥᠭᠦᠯᠡᠯᠳᠦᠵᠦᠬᠦᠢ ᠅ 22ᠲᠡᠨᠳᠡ ᠡᠪᠦᠯ ᠦᠨ ᠴᠠᠭ ᠲᠤᠷ ᠶᠢᠷᠤᠰᠠᠯᠢᠮ ᠤᠨ ᠳᠣᠲᠣᠷ᠎ᠠ ᠰᠦᠮ᠎ᠡ ᠶᠢ ᠰᠢᠨᠡᠳᠬᠡᠭᠰᠡᠨ ᠦ ᠨᠠᠶᠢᠷ ᠪᠥᠯᠦᠭᠡ᠃ 23ᠲᠡᠶᠢᠨ ᠬᠦ ᠢᠢᠰᠦᠰ ᠦᠨ ᠰᠦᠮ᠎ᠡ ᠳᠦᠷ ᠰᠣᠯᠣᠮᠣᠨ ᠤ ᠬᠦᠷᠢᠶᠡᠨ ᠦ ᠳᠣᠲᠣᠷ᠎ᠠ ᠥᠭᠡᠳᠡ ᠪᠣᠯᠬᠤᠢ ᠳᠤᠷ᠃ 24ᠶᠦᠳᠠᠲᠠᠨ ᠢᠨᠦ ᠲᠡᠭᠦᠨ ᠢ ᠲᠣᠭᠤᠷᠢᠵᠤ ᠡᠶᠢᠨ᠃ ᠴᠢ ᠪᠡᠷ ᠪᠢᠳᠡᠨ ᠢ ᠶᠠᠮᠪᠠᠷ ᠤᠳᠠᠭᠠᠨ ᠰᠡᠵᠢᠭ ᠲᠦᠷ ᠬᠦᠯᠢᠶᠡᠯᠭᠡᠮᠦᠶᠦ᠃ ᠬᠡᠷᠪᠡ ᠴᠢ ᠪᠡᠷ ᠬᠡᠷᠢᠰᠲ᠋ᠣᠰ ᠮᠥᠨ ᠪᠣᠯᠪᠠᠰᠤ ᠪᠢᠳᠡᠨ ᠳᠦᠷ ᠲᠣᠳᠤᠷᠬᠠᠢ ᠪᠠᠷ ᠵᠠᠷᠯᠢᠭ ᠪᠣᠯᠤᠨ ᠦᠢᠯᠡᠳ᠃ 25ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠪᠢ ᠪᠡᠷ ᠲᠠᠨ ᠳᠤᠷ ᠥᠭᠦᠯᠡᠭᠰᠡᠨ ᠪᠣᠯᠪᠠᠴᠤ᠂ ᠲᠠ ᠪᠡᠷ ᠡᠰᠡ ᠢᠲᠡᠭᠡᠪᠡᠢ᠃ ᠮᠢᠨᠦ ᠡᠴᠢᠭᠡ ᠶᠢᠨ ᠨᠡᠷ᠎ᠡ ᠪᠡᠷ ᠮᠢᠨᠦ ᠦᠢᠯᠡᠳᠦᠭᠰᠡᠨ ᠦᠢᠯᠡᠰ ᠢᠨᠦ ᠮᠢᠨᠦ ᠤᠴᠢᠷ᠎ᠠ ᠭᠡᠷᠡᠴᠢᠯᠡᠮᠦᠢ᠃ 26ᠲᠡᠶᠢᠨ ᠪᠣᠯᠪᠠᠴᠤ ᠲᠠ ᠪᠡᠷ ᠡᠰᠡ ᠢᠲᠡᠭᠡᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠥᠭᠦᠯᠡᠭᠰᠡᠨ ᠢᠶᠡᠷ ᠲᠠ ᠪᠡᠷ ᠮᠢᠨᠦ ᠬᠣᠨᠢᠳ ᠪᠤᠰᠤ᠃ 27ᠮᠢᠨᠦ ᠬᠣᠨᠢᠳ ᠠᠨᠤ ᠮᠢᠨᠦ ᠳᠠᠭᠤᠨ ᠢ ᠰᠣᠨᠣᠰᠤᠳᠠᠭ᠃ ᠪᠢ ᠪᠡᠷ ᠲᠡᠳᠡᠨ ᠢ ᠲᠠᠨᠢᠮᠤᠢ᠂ ᠲᠡᠳᠡ ᠴᠤ ᠨᠠᠮᠠᠶᠢ ᠳᠠᠭᠠᠳᠠᠭ᠃ 28ᠵᠢᠴᠢ ᠪᠢ ᠪᠡᠷ ᠲᠡᠳᠡᠨ ᠳᠦᠷ ᠮᠥᠩᠬᠡ ᠠᠮᠢᠨ ᠢ ᠥᠭᠭᠦᠮᠦᠢ᠃ ᠲᠡᠶᠢᠨ ᠬᠦ ᠲᠡᠳᠡ ᠢᠨᠦ ᠮᠥᠩᠬᠡᠳᠡ ᠦᠯᠦ ᠡᠪᠳᠡᠷᠡᠬᠦ ᠪᠥᠭᠡᠳ᠂ ᠬᠡᠨ ᠴᠤ ᠲᠡᠳᠡᠨ ᠢ ᠮᠢᠨᠦ ᠭᠠᠷ ᠠᠴᠠ ᠪᠤᠯᠢᠶᠠᠨ ᠠᠪᠴᠤ ᠦᠯᠦ ᠴᠢᠳᠠᠬᠤ ᠪᠤᠢ᠃ 29(ᠲᠡᠳᠡᠨ ᠢ) ᠨᠠᠳᠤᠷ ᠥᠭᠭᠦᠭᠰᠡᠨ ᠮᠢᠨᠦ ᠡᠴᠢᠭᠡ ᠢᠨᠦ ᠬᠠᠮᠤᠭ ᠠᠴᠠ ᠳᠡᠭᠡᠷ᠎ᠡ ᠪᠤᠢ ᠪᠥᠭᠡᠳ᠂ ᠬᠡᠨ ᠴᠤ ᠮᠢᠨᠦ ᠡᠴᠢᠭᠡ ᠶᠢᠨ ᠮᠤᠲᠤᠷ ᠠᠴᠠ (ᠲᠡᠳᠡᠨ ᠢ) ᠪᠤᠯᠢᠶᠠᠨ ᠠᠪᠴᠤ ᠦᠯᠦ ᠴᠢᠳᠠᠬᠤ ᠪᠤᠢ᠃ 30ᠪᠢ ᠬᠢᠭᠡᠳ ᠡᠴᠢᠭᠡ ᠢᠨᠦ ᠭᠠᠭᠴᠠ ᠮᠥᠨ ᠪᠣᠯᠠᠢ᠃ 31ᠬᠡᠮᠡᠨ ᠵᠠᠷᠯᠢᠭ ᠪᠣᠯᠤᠭᠰᠠᠨ ᠳᠤᠷ ᠶᠦᠳᠠᠲᠠᠨ ᠢᠨᠦ ᠲᠡᠭᠦᠨ ᠢ ᠴᠢᠯᠠᠭᠤᠳᠠᠬᠤ ᠶᠢᠨ ᠲᠤᠯᠠ ᠴᠢᠯᠠᠭᠤᠳ ᠢ ᠠᠪᠴᠤ ᠪᠠᠷᠢᠪᠠᠢ᠃ 32ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠪᠢ ᠪᠡᠷ ᠮᠢᠨᠦ ᠡᠴᠢᠭᠡ ᠡᠴᠡ ᠣᠯᠠᠨ ᠰᠠᠶᠢᠨ ᠦᠢᠯᠡᠰ ᠢ ᠲᠠᠨ ᠳᠤᠷ ᠦᠵᠡᠭᠦᠯᠦᠭᠰᠡᠨ ᠪᠤᠢ᠃ ᠲᠡᠳᠡ ᠦᠢᠯᠡᠰ ᠡᠴᠡ ᠠᠯᠢᠨ ᠤ ᠲᠤᠯᠠ ᠲᠠ ᠪᠡᠷ ᠨᠠᠮᠠᠶᠢ ᠴᠢᠯᠠᠭᠤᠳᠠᠬᠤ ᠪᠤᠶᠤ᠃ 33ᠬᠡᠮᠡᠨ ᠵᠠᠷᠯᠢᠭ ᠪᠣᠯᠤᠭᠰᠠᠨ ᠳᠤᠷ ᠶᠦᠳᠠᠲᠠᠨ ᠢᠨᠦ ᠥᠭᠦᠯᠡᠷᠦᠨ᠃ ᠰᠠᠶᠢᠨ ᠦᠢᠯᠡ ᠶᠢᠨ ᠲᠤᠯᠠ ᠪᠤᠰᠤ᠃ ᠬᠠᠷᠢᠨ ᠴᠢ ᠪᠡᠷ ᠬᠦᠮᠦᠨ ᠪᠥᠭᠡᠲᠡᠯ᠎ᠡ ᠪᠡᠶ᠎ᠡ ᠪᠡᠨ ᠪᠤᠷᠬᠠᠨ ᠪᠣᠯᠭᠠᠵᠤ ᠪᠤᠷᠬᠠᠨ ᠢ ᠳᠣᠷᠣᠮᠵᠢᠯᠠᠭᠰᠠᠨ ᠤ ᠲᠤᠯᠠ ᠪᠢᠳᠡ ᠪᠡᠷ ᠴᠢᠮᠠᠶᠢ ᠴᠢᠯᠠᠭᠤᠳᠠᠮᠤᠢ᠃ 34ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠲᠠᠨᠤ ᠨᠣᠮ ᠤᠨ ᠳᠣᠲᠣᠷ᠎ᠠ ᠡᠶᠢᠨ᠃ ᠲᠠ ᠪᠡᠷ ᠪᠤᠷᠬᠠᠳ ᠮᠥᠨ ᠬᠡᠮᠡᠨ ᠪᠢ ᠥᠭᠦᠯᠡᠭᠰᠡᠨ ᠪᠤᠢ᠃ ᠬᠡᠮᠡᠨ ᠪᠢᠴᠢᠭᠳᠡᠭᠰᠡᠨ ᠪᠢᠰᠢᠶᠦ᠃ 35ᠬᠡᠷᠪᠡ ᠪᠤᠷᠬᠠᠨ ᠤ ᠵᠠᠷᠯᠢᠭ ᠢ ᠰᠣᠨᠣᠰᠤᠭᠰᠠᠳ ᠠᠨᠤ ᠪᠤᠷᠬᠠᠳ ᠬᠡᠮᠡᠨ ᠨᠡᠷᠡᠶᠢᠳᠦᠭᠳᠡᠭᠰᠡᠨ ᠪᠥᠭᠡᠳ᠂ ᠨᠣᠮ ᠠᠨᠤ ᠠᠯᠳᠠᠯ ᠦᠭᠡᠢ ᠪᠠᠶᠢᠬᠤ ᠪᠥᠭᠡᠰᠦ ᠡᠯ᠎ᠡ᠃ 36ᠪᠢ ᠪᠡᠷ ᠪᠤᠷᠬᠠᠨ ᠤ ᠬᠥᠪᠡᠭᠦᠨ ᠮᠥᠨ ᠬᠡᠮᠡᠨ ᠥᠭᠦᠯᠡᠭᠰᠡᠨ ᠦ ᠲᠤᠯᠠ᠂ ᠡᠴᠢᠭᠡ ᠶᠢᠨ ᠠᠷᠢᠯᠭᠠᠭᠰᠠᠨ ᠬᠢᠭᠡᠳ ᠶᠢᠷᠲᠢᠨᠴᠦ ᠳᠦᠷ ᠢᠯᠡᠭᠡᠭᠰᠡᠨ ᠨᠠᠮᠠᠶᠢ ᠴᠢ ᠪᠡᠷ ᠪᠤᠷᠬᠠᠨ ᠢ ᠳᠣᠷᠣᠮᠵᠢᠯᠠᠭᠰᠠᠨ ᠪᠤᠢ᠃ ᠬᠡᠮᠡᠨ ᠲᠠ ᠪᠡᠷ ᠥᠭᠦᠯᠡᠮᠦᠶᠦ᠃ 37ᠬᠡᠷᠪᠡ ᠪᠢ ᠪᠡᠷ ᠥᠪᠡᠷ ᠦᠨ ᠡᠴᠢᠭᠡ ᠶᠢᠨ ᠦᠢᠯᠡᠰ ᠢ ᠡᠰᠡ ᠦᠢᠯᠡᠳᠪᠡᠰᠦ᠂ ᠨᠠᠳᠤᠷ ᠪᠦᠦ ᠢᠲᠡᠭᠡᠭᠲᠦᠨ᠃ 38ᠵᠦᠭᠡᠷ ᠬᠡᠷᠪᠡ ᠪᠢ ᠪᠡᠷ ᠦᠢᠯᠡᠳᠪᠡᠰᠦ᠂ ᠲᠠ ᠪᠡᠷ ᠨᠠᠳᠤᠷ ᠦᠯᠦ ᠢᠲᠡᠭᠡᠬᠦ ᠪᠣᠯᠪᠠᠴᠤ᠂ ᠦᠢᠯᠡᠰ ᠲᠦᠷ ᠢᠲᠡᠭᠡᠭᠲᠦᠨ᠃ ᠲᠡᠶᠢᠨ ᠪᠡᠷ ᠮᠢᠨᠦ ᠳᠣᠲᠣᠷ᠎ᠠ ᠡᠴᠢᠭᠡ ᠶᠢᠨ ᠠᠬᠤᠢ ᠬᠢᠭᠡᠳ ᠲᠡᠭᠦᠨ ᠦ ᠳᠣᠲᠣᠷ᠎ᠠ ᠮᠢᠨᠦ ᠠᠬᠤᠢ ᠶᠢ ᠲᠠ ᠪᠡᠷ ᠮᠡᠳᠡᠭᠡᠳ ᠢᠲᠡᠭᠡᠬᠦ ᠪᠣᠯᠤᠶᠤ᠃ 39ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠳ᠋ᠠᠬᠢᠨ ᠲᠡᠭᠦᠨ ᠢ ᠪᠠᠷᠢᠬᠤᠶ᠎ᠠ ᠲᠤᠭᠤᠷᠪᠢᠪᠠᠢ᠃ ᠵᠦᠭᠡᠷ ᠲᠡᠷᠡ ᠢᠨᠦ ᠲᠡᠳᠡᠨ ᠦ ᠭᠠᠷ ᠠᠴᠠ ᠳᠤᠲᠠᠭᠠᠭᠠᠳ᠃ 40ᠶᠣᠷᠳᠠᠨ ᠤ ᠴᠢᠨᠠᠳᠤ ᠡᠳᠡᠭᠡᠳᠡ ᠥᠭᠡᠳᠡ ᠪᠣᠯᠤᠭᠠᠳ ᠢᠣᠸᠠᠨ ᠤ ᠲᠡᠷᠢᠭᠦᠨ ᠴᠠᠭ᠋ᠠ ᠪᠠᠹᠲ᠋ᠢᠰᠯᠠᠭᠰᠠᠨ ᠭᠠᠵᠠᠷ ᠲᠤᠷ ᠰᠠᠭᠤᠪᠠᠢ᠃ 41ᠲᠡᠶᠢᠨ ᠪᠥᠭᠡᠳ ᠣᠯᠠᠨ (ᠤᠯᠤᠰ) ᠠᠨᠤ ᠲᠡᠭᠦᠨ ᠳᠦᠷ ᠣᠳᠴᠤ ᠡᠶᠢᠨ᠃ ᠢᠣᠸᠠᠨ ᠠᠨᠤ ᠭᠠᠶᠢᠬᠠᠮᠰᠢᠭ ᠤᠳ ᠢ ᠡᠰᠡ ᠦᠢᠯᠡᠳᠪᠡᠢ᠃ ᠬᠠᠷᠢᠨ ᠢᠣᠸᠠᠨ ᠤ ᠡᠨᠡ ᠬᠦ ᠬᠦᠮᠦᠨ ᠦ ᠤᠴᠢᠷ᠎ᠠ ᠠᠯᠢᠪᠠ ᠥᠭᠦᠯᠡᠭᠰᠡᠨ ᠢᠨᠦ ᠦᠨᠡᠨ ᠪᠥᠯᠦᠭᠡ᠃ ᠬᠡᠮᠡᠨ ᠥᠭᠦᠯᠡᠯᠳᠦᠵᠦᠬᠦᠢ᠃ 42ᠲᠡᠶᠢᠨ ᠬᠦ ᠲᠡᠨᠳᠡ ᠣᠯᠠᠨ ᠠᠨᠤ ᠲᠡᠭᠦᠨ ᠳᠦᠷ ᠢᠲᠡᠭᠡᠪᠡᠢ ᠅
Obecnie wybrane:
ᠢᠣᠸᠠᠨ 10: MB1840
Podkreślenie
Udostępnij
Kopiuj
Chcesz, aby twoje zakreślenia były zapisywane na wszystkich twoich urządzeniach? Zarejestruj się lub zaloguj
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.