ᠢᠣᠸᠠᠨ 12

12
ᠠᠷᠪᠠᠨ ᠬᠣᠶᠠᠳᠤᠭᠠᠷ ᠪᠦᠯᠦᠭ ᠅
1ᠹᠠᠰᠬ᠎ᠠ ᠰᠠᠶᠢᠨ ᠡᠳᠦᠷ ᠡᠴᠡ ᠵᠢᠷᠭᠤᠭᠠᠨ ᠬᠣᠨᠣᠭ ᠤᠨ ᠤᠷᠢᠳᠠ ᠢᠢᠰᠦᠰ ᠢᠨᠦ ᠪᠢᠲ᠋ᠠ᠋ ᠨᠢᠶ᠎ᠠ ᠳᠤᠷ ᠥᠭᠡᠳᠡ ᠪᠣᠯᠪᠠᠢ᠃ ᠲᠡᠨᠳᠡ ᠦᠬᠦᠭᠰᠡᠨ ᠪᠣᠯᠤᠭᠠᠳ ᠲᠡᠭᠦᠨ ᠦ ᠦᠬᠦᠯ ᠡᠴᠡ ᠠᠮᠢᠳᠤᠷᠠᠭᠤᠯᠤᠭᠰᠠᠨ ᠯᠠᠵᠠᠷ ᠪᠥᠯᠦᠭᠡ᠃ 2ᠲᠡᠨᠳᠡ ᠲᠡᠳᠡ ᠢᠨᠦ ᠲᠡᠭᠦᠨ ᠦ ᠲᠤᠯᠠ ᠦᠳᠡᠰᠢ ᠶᠢᠨ ᠵᠣᠭᠤᠭ ᠢ ᠪᠡᠯᠡᠳᠪᠡᠢ᠃ ᠮᠠᠷᠲ᠋ᠠ᠋ ᠠᠨᠤ ᠦᠢᠯᠡᠴᠢᠯᠡᠪᠡᠢ᠃ ᠬᠠᠷᠢᠨ ᠯᠠᠵᠠᠷ ᠠᠨᠤ (ᠢᠢᠰᠦᠰ) ᠯᠦᠭᠡ ᠰᠠᠭᠤᠯᠴᠠᠭᠴᠢᠳ ᠠᠴᠠ ᠨᠢᠭᠡᠨ ᠪᠥᠯᠦᠭᠡ᠃ 3ᠲᠡᠨᠳᠡ ᠮᠠᠷᠢᠶ᠎ᠠ ᠠᠨᠤ ᠨᠢᠭᠡᠨ ᠴᠢᠩᠯᠡᠭᠦᠷ ᠦᠨ ᠲᠡᠳᠦᠢ ᠮᠠᠰᠢ ᠦᠨᠡ ᠲᠦ ᠠᠩᠬᠢᠯᠬᠤᠢ ᠲᠣᠰᠤᠨ ᠢ ᠠᠪᠤᠭᠠᠳ᠂ ᠢᠢᠰᠦᠰ ᠦᠨ ᠬᠥᠯ ᠢ ᠲᠣᠰᠤᠯᠠᠨ᠂ ᠥᠪᠡᠷ ᠦᠨ ᠦᠰᠦᠨ ᠢᠶᠠᠷ ᠠᠷᠴᠢᠪᠠᠢ᠃ ᠲᠡᠶᠢᠨ ᠪᠡᠷ ᠭᠡᠷ ᠢᠨᠦ ᠲᠣᠰᠤᠨ ᠤ ᠦᠨᠦᠷ ᠢᠶᠡᠷ ᠳᠦᠭᠦᠷᠪᠡᠢ᠃ 4ᠲᠡᠶᠢᠮᠦ ᠶᠢᠨ ᠲᠤᠯᠠ ᠲᠡᠭᠦᠨ ᠦ ᠱᠠᠪᠢᠨᠠᠷ ᠠᠴᠠ ᠨᠢᠭᠡᠨ ᠬᠡᠮᠡᠪᠡᠰᠦ᠂ ᠲᠡᠭᠦᠨ ᠢ ᠪᠠᠷᠢᠭᠤᠯᠤᠭᠴᠢ ᠪᠣᠯᠤᠭᠠᠳ᠂ ᠰᠢᠢᠮᠣᠨ ᠤ ᠶᠦᠳᠠ᠋ ᠢᠰᠺᠠᠷᠢᠶᠣᠳ ᠬᠥᠪᠡᠭᠦᠨ ᠢᠨᠦ ᠡᠶᠢᠨ ᠥᠭᠦᠯᠡᠷᠦᠨ᠃ 5ᠶᠠᠭᠤᠨ ᠤ ᠲᠤᠯᠠ ᠡᠨᠡ ᠲᠣᠰᠤ ᠠᠨᠤ ᠭᠤᠷᠪᠠᠨ ᠵᠠᠭᠤᠨ ᠤ ᠲᠡᠳᠦᠢ ᠴᠢᠩᠯᠡ ᠮᠥᠩᠭᠦᠨ ᠡᠴᠡ ᠬᠤᠳᠠᠯᠳᠤᠭᠳᠠᠭᠠᠳ ᠦᠭᠡᠭᠦᠦ ᠶᠠᠳᠠᠭᠤ ᠨᠤᠭᠤᠳ ᠲᠤᠷ ᠡᠰᠡ ᠥᠭᠳᠡᠭᠰᠡᠨ ᠪᠤᠶᠤ᠃ 6ᠬᠡᠮᠡᠨ ᠡᠭᠦᠨ ᠢ ᠥᠭᠦᠯᠡᠪᠡᠰᠦ ᠦᠭᠡᠭᠦᠦ ᠶᠠᠳᠠᠭᠤ ᠨᠤᠭᠤᠳ ᠤᠨ ᠤᠴᠢᠷ᠎ᠠ ᠰᠠᠨᠠᠭᠰᠠᠨ ᠪᠤᠰᠤ᠃ ᠬᠠᠷᠢᠨ ᠲᠡᠷᠡ ᠢᠨᠦ ᠬᠤᠯᠠᠭᠠᠶᠢᠴᠢ ᠠᠵᠤ᠂ ᠰᠠᠩ ᠤᠨ ᠰᠠᠪᠠ ᠬᠢᠭᠡᠳ ᠡᠷᠭᠦᠰᠦᠳ ᠢ ᠪᠠᠷᠢᠳᠠᠭ ᠪᠥᠯᠦᠭᠡ᠃ 7ᠲᠡᠶᠢᠨ ᠪᠥᠭᠡᠳ ᠢᠢᠰᠦᠰ ᠢᠨᠦ ᠵᠠᠷᠯᠢᠭ ᠪᠣᠯᠤᠷᠤᠨ᠃ ᠡᠨᠡ ᠡᠮ᠎ᠡ ᠶᠢ ᠪᠦᠦ ᠭᠡᠨᠡᠭᠦᠯ᠃ ᠲᠡᠷᠡ ᠢᠨᠦ ᠪᠤᠯᠠᠭᠳᠠᠬᠤ ᠡᠳᠦᠷ ᠦᠨ ᠲᠤᠯᠠ ᠡᠭᠦᠨ ᠢ ᠬᠠᠳᠠᠭᠠᠯᠠᠪᠠᠢ᠃ 8ᠲᠡᠷᠡ ᠶᠠᠭᠤᠨ ᠤ ᠲᠤᠯᠠ ᠬᠡᠮᠡᠪᠡᠰᠦ᠂ ᠦᠭᠡᠭᠦᠦ ᠶᠠᠳᠠᠭᠤ ᠨᠤᠭᠤᠳ ᠠᠨᠤ ᠲᠠᠨ ᠯᠤᠭ᠎ᠠ ᠨᠠᠰᠤᠳᠠ ᠪᠠᠶᠢᠳᠠᠭ᠃ ᠵᠦᠭᠡᠷ ᠪᠢ ᠪᠡᠷ ᠲᠠᠨ ᠯᠤᠭ᠎ᠠ ᠨᠠᠰᠤᠳᠠ ᠦᠯᠦ ᠪᠠᠶᠢᠬᠤ ᠪᠤᠢ᠃ ᠬᠡᠮᠡᠨ ᠵᠠᠷᠯᠢᠭ ᠪᠣᠯᠪᠠᠢ᠃ 9ᠲᠡᠶᠢᠨ ᠪᠥᠭᠡᠳ ᠶᠦᠳᠠᠲᠠᠨ ᠠᠴᠠ ᠣᠯᠠᠨ ᠤᠯᠤᠰ ᠠᠨᠤ ᠢᠢᠰᠦᠰ ᠦᠨ ᠲᠡᠨᠳᠡ ᠪᠦᠬᠦᠢ ᠶᠢ ᠮᠡᠳᠡᠭᠡᠳ᠂ ᠢᠮᠠᠭᠲᠠ ᠲᠡᠭᠦᠨ ᠦ ᠤᠴᠢᠷ᠎ᠠ ᠪᠤᠰᠤ᠂ ᠬᠠᠷᠢᠨ ᠲᠡᠭᠦᠨ ᠦ ᠦᠬᠦᠯ ᠡᠴᠡ ᠠᠮᠢᠳᠤᠷᠠᠭᠤᠯᠤᠭᠰᠠᠨ ᠯᠠᠵᠠᠷ ᠢ ᠴᠤ ᠦᠵᠡᠬᠦ ᠶᠢᠨ ᠲᠤᠯᠠ ᠢᠷᠡᠪᠡᠢ᠃ 10ᠵᠦᠭᠡᠷ ᠲᠡᠷᠢᠭᠦᠨ ᠯᠠᠮᠠᠨᠠᠷ ᠠᠨᠤ ᠯᠠᠵᠠᠷ ᠢ ᠴᠤ ᠠᠯᠠᠬᠤᠢ ᠶᠢ ᠵᠥᠪᠯᠡᠯᠳᠦᠪᠡᠢ᠃ 11ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠰᠢᠯᠲᠠᠭᠠᠪᠠᠷ ᠶᠦᠳᠠᠲᠠᠨ ᠠᠴᠠ ᠣᠯᠠᠨ ᠠᠨᠤ (ᠲᠡᠳᠡᠨ ᠢ) ᠣᠭᠤᠷᠤᠭᠠᠳ ᠢᠢᠰᠦᠰ ᠲᠦᠷ ᠢᠲᠡᠭᠡᠪᠡᠢ ᠅ 12ᠲᠡᠭᠦᠨ ᠦ ᠮᠠᠨᠠᠭᠠᠷ ᠣᠯᠠᠨ ᠤᠯᠤᠰ ᠠᠨᠤ ᠨᠠᠶᠢᠷ ᠲᠤᠷ ᠢᠷᠡᠭᠡᠳ᠂ ᠢᠢᠰᠦᠰ ᠦᠨ ᠶᠢᠷᠤᠰᠠᠯᠢᠮ ᠳᠤᠷ ᠥᠭᠡᠳᠡ ᠪᠣᠯᠬᠤᠢ ᠶᠢ ᠰᠣᠨᠣᠰᠤᠭᠠᠳ᠃ 13ᠲᠣᠰᠤ ᠲᠤ ᠮᠣᠳᠤᠨ ᠤ ᠭᠡᠰᠢᠭᠦᠳ ᠢ ᠠᠪᠤᠨ᠂ ᠲᠡᠭᠦᠨ ᠢ ᠤᠭᠲᠤᠷ᠎ᠠ ᠣᠳᠴᠤ ᠡᠶᠢᠨ᠃ ᠣᠰᠠᠨ ᠨᠠ᠋᠃ ᠡᠵᠡᠨ ᠦ ᠨᠡᠷ᠎ᠡ ᠪᠡᠷ ᠢᠷᠡᠭᠴᠢ ᠢᠰᠷᠠᠶᠢᠯ ᠤᠨ ᠬᠠᠭᠠᠨ ᠠᠨᠤ ᠮᠠᠭᠲᠠᠭᠳᠠᠬᠤ ᠪᠣᠯᠲᠤᠭᠠᠢ᠃ ᠬᠡᠮᠡᠨ ᠳᠠᠭᠤᠳᠠᠯᠴᠠᠪᠠᠢ᠃ 14ᠢᠢᠰᠦᠰ ᠢᠨᠦ (ᠨᠣᠮ ᠤᠨ ᠳᠣᠲᠣᠷ᠎ᠠ) ᠪᠢᠴᠢᠭᠳᠡᠭᠰᠡᠨ ᠦ ᠶᠣᠰᠤᠭᠠᠷ ᠨᠢᠭᠡᠨ ᠵᠠᠯᠠᠭᠤ ᠡᠯᠵᠢᠭᠡᠨ ᠢ ᠣᠯᠤᠭᠠᠳ ᠬᠥᠯᠭᠡᠯᠡᠨ ᠶᠠᠪᠤᠪᠠᠢ᠃ 15ᠪᠢᠴᠢᠭᠳᠡᠭᠰᠡᠨ ᠢᠨᠦ ᠡᠶᠢᠨ᠃ ᠰᠢᠶᠣᠨᠠ ᠶᠢᠨ ᠥᠬᠢᠨ ᠡ᠂ ᠪᠦᠦ ᠠᠶᠤᠲᠤᠭᠠᠢ᠃ ᠮᠡᠨᠡ᠂ ᠴᠢᠨᠦ ᠬᠠᠭᠠᠨ ᠠᠨᠤ ᠨᠢᠭᠡᠨ ᠡᠯᠵᠢᠭᠡᠨ ᠦ ᠳᠠᠭᠠᠭᠠᠨ ᠢ ᠬᠥᠯᠭᠡᠯᠡᠨ ᠠᠶᠢᠰᠤᠢ᠃ ᠬᠡᠮᠡᠭᠳᠡᠪᠡᠢ᠃ 16ᠲᠡᠭᠦᠨ ᠦ ᠱᠠᠪᠢᠨᠠᠷ ᠠᠨᠤ ᠲᠡᠷᠡ ᠴᠠᠭ ᠲᠤᠷ ᠡᠭᠦᠨ ᠢ ᠡᠰᠡ ᠣᠨᠤᠪᠠᠢ᠃ ᠵᠦᠭᠡᠷ ᠢᠢᠰᠦᠰ ᠦᠨ ᠴᠣᠭ ᠵᠢᠪᠬᠤᠯᠠᠩ ᠲᠤ ᠪᠣᠯᠤᠭᠰᠠᠨ ᠤ ᠬᠣᠶᠢᠨᠠ ᠲᠡᠳᠡ ᠢᠨᠦ ᠲᠡᠭᠦᠨ ᠦ ᠤᠴᠢᠷ᠎ᠠ ᠡᠨᠡ ᠮᠡᠲᠦ ᠪᠡᠷ ᠪᠢᠴᠢᠭᠳᠡᠭᠰᠡᠨ ᠬᠢᠭᠡᠳ ᠲᠡᠭᠦᠨ ᠳᠦᠷ ᠡᠨᠡ ᠮᠡᠲᠦ ᠪᠡᠷ ᠦᠢᠯᠡᠳᠦᠭᠰᠡᠨ ᠢ ᠰᠠᠨᠠᠪᠠᠢ᠃ 17ᠲᠡᠶᠢᠨ ᠪᠥᠭᠡᠳ ᠲᠡᠭᠦᠨ ᠯᠦᠭᠡ ᠠᠭᠰᠠᠨ ᠣᠯᠠᠨ ᠤᠯᠤᠰ ᠠᠨᠤ ᠲᠡᠭᠦᠨ ᠦ ᠯᠠᠵᠠᠷ ᠢ ᠪᠤᠯᠠᠰᠢᠨ ᠠᠴᠠ ᠳᠠᠭᠤᠳᠠᠨ ᠦᠬᠦᠯ ᠡᠴᠡ ᠠᠮᠢᠳᠤᠷᠠᠭᠤᠯᠤᠭᠰᠠᠨ ᠢ ᠭᠡᠷᠡᠴᠢᠯᠡᠪᠡᠢ᠃ 18ᠵᠢᠴᠢ ᠡᠭᠦᠨ ᠦ ᠰᠢᠯᠲᠠᠭᠠᠪᠠᠷ ᠤᠯᠤᠰ ᠠᠨᠤ ᠲᠡᠭᠦᠨ ᠦ ᠦᠢᠯᠡᠳᠦᠭᠰᠡᠨ ᠲᠡᠷᠡ ᠬᠦ ᠭᠠᠶᠢᠬᠠᠮᠰᠢᠭ ᠢ ᠰᠣᠨᠣᠰᠤᠭᠠᠳ ᠲᠡᠭᠦᠨ ᠢ ᠤᠭᠲᠤᠷ᠎ᠠ ᠭᠠᠷᠪᠠᠢ᠃ 19ᠲᠡᠶᠢᠮᠦ ᠶᠢᠨ ᠲᠤᠯᠠ ᠹᠠᠷᠢᠰᠢ ᠨᠠᠷ ᠠᠨᠤ ᠥᠪᠡᠷ ᠵᠠᠭᠤᠷ᠎ᠠ ᠪᠠᠨ ᠡᠶᠢᠨ᠃ ᠲᠠ ᠪᠡᠷ ᠶᠠᠭᠤᠨ ᠢ ᠴᠤ ᠡᠰᠡ ᠪᠦᠲᠦᠭᠡᠳᠡᠭ ᠢᠶᠡᠨ ᠠᠵᠢᠭᠯᠠᠭᠲᠤᠨ᠃ ᠮᠡᠨᠡ᠂ ᠶᠢᠷᠲᠢᠨᠴᠦ ᠢᠨᠦ ᠲᠡᠭᠦᠨ ᠢ ᠳᠠᠭᠠᠨ ᠠᠮᠤᠢ᠃ ᠬᠡᠮᠡᠯᠳᠦᠪᠡᠢ ᠅ 20ᠨᠠᠶᠢᠷ ᠤᠨ ᠴᠠᠭ ᠲᠤᠷ ᠮᠥᠷᠭᠦᠬᠦ ᠶᠢᠨ ᠲᠤᠯᠠ ᠢᠷᠡᠭᠰᠡᠳ ᠦᠨ ᠳᠣᠲᠣᠷ᠎ᠠ ᠵᠠᠷᠢᠮ ᠭᠡᠷᠢᠶᠡᠭ ᠲᠡᠨ ᠪᠥᠯᠦᠭᠡ᠃ 21ᠲᠡᠳᠡ ᠢᠨᠦ ᠺᠠᠯᠢᠯᠢᠶ᠎ᠠ ᠶᠢᠨ ᠪᠢᠳᠰᠠᠶᠢᠳᠠ᠋ ᠠᠴᠠ (ᠠᠭᠰᠠᠨ) ᠹᠢᠯᠢᠪ ᠲᠦᠷ ᠣᠳᠴᠤ ᠡᠶᠢᠨ᠃ ᠡᠵᠡᠨ ᠡ᠂ ᠪᠢᠳᠡ ᠪᠡᠷ ᠢᠢᠰᠦᠰ ᠯᠦᠭᠡ ᠠᠭᠤᠯᠵᠠᠬᠤᠶ᠎ᠠ ᠳᠤᠷᠠᠰᠢᠮᠤᠢ᠃ 22ᠬᠡᠮᠡᠭᠰᠡᠨ ᠳᠦᠷ ᠹᠢᠯᠢᠪ ᠠᠨᠤ ᠣᠳᠤᠭᠠᠳ ᠠᠨᠳᠠᠷᠢ ᠳᠤᠷ ᠮᠡᠳᠡᠭᠦᠯᠪᠡᠢ᠃ ᠪᠠᠰᠠ ᠠᠨᠳᠠᠷᠢ ᠹᠢᠯᠢᠪ ᠬᠣᠶᠠᠷ ᠠᠨᠤ ᠢᠢᠰᠦᠰ ᠲᠦᠷ ᠠᠶᠢᠯᠠᠳᠬᠠᠪᠠᠢ᠃ 23ᠲᠡᠶᠢᠨ ᠬᠦ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠬᠦᠮᠦᠨ ᠲᠥᠷᠥᠯᠬᠢᠲᠦ ᠶᠢᠨ ᠴᠣᠭ ᠵᠢᠪᠬᠤᠯᠠᠩ ᠲᠤ ᠪᠣᠯᠬᠤᠢ ᠴᠠᠭ ᠠᠨᠤ ᠢᠷᠡᠪᠡᠢ᠃ 24ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠬᠡᠷᠪᠡ ᠪᠤᠭᠤᠳᠠᠢ ᠶᠢᠨ ᠬᠥᠷᠦᠩᠭᠡ ᠢᠨᠦ ᠭᠠᠵᠠᠷ ᠲᠤᠷ ᠲᠠᠷᠢᠭᠳᠠᠭᠠᠳ ᠦᠯᠦ ᠦᠬᠦᠬᠦ ᠪᠥᠭᠡᠰᠦ᠂ ᠭᠠᠭᠴᠠᠭᠠᠷ ᠪᠠᠶᠢᠮᠤᠢ᠃ ᠬᠠᠷᠢᠨ ᠬᠡᠷᠪᠡ ᠦᠬᠦᠪᠡᠰᠦ᠂ ᠣᠯᠠᠨ ᠦᠷᠡᠰ ᠲᠦ ᠪᠣᠯᠤᠮᠤᠢ᠃ 25ᠥᠪᠡᠷ ᠦᠨ ᠠᠮᠢᠨ ᠢ ᠬᠠᠶᠢᠷᠠᠯᠠᠭᠴᠢ ᠠᠨᠤ ᠲᠡᠭᠦᠨ ᠢ ᠭᠡᠭᠡᠬᠦ ᠪᠥᠭᠡᠳ᠂ ᠥᠪᠡᠷ ᠦᠨ ᠠᠮᠢᠨ ᠢ ᠡᠨᠡ ᠶᠢᠷᠲᠢᠨᠴᠦ ᠳᠦᠷ ᠦᠯᠦ ᠬᠠᠶᠢᠷᠠᠯᠠᠭᠴᠢ ᠠᠨᠤ ᠲᠡᠭᠦᠨ ᠢ ᠮᠥᠩᠬᠡ ᠠᠮᠢᠨ ᠳᠤᠷ ᠠᠪᠤᠷᠠᠬᠤ ᠪᠣᠯᠤᠶᠤ᠃ 26ᠬᠡᠷᠪᠡ ᠠᠯᠢ ᠬᠡᠨ ᠨᠠᠳᠤᠷ ᠵᠠᠷᠤᠭᠳᠠᠬᠤᠶ᠎ᠠ ᠳᠤᠷᠠᠰᠢᠬᠤ ᠪᠥᠭᠡᠰᠦ᠂ ᠨᠠᠮᠠᠶᠢ ᠳᠠᠭᠠᠬᠤ ᠪᠣᠯᠲᠤᠭᠠᠢ᠃ ᠲᠡᠶᠢᠨ ᠬᠦ ᠮᠢᠨᠦ ᠬᠠᠮᠢᠭ᠎ᠠ ᠠᠬᠤᠢ ᠲᠡᠨᠳᠡ ᠮᠢᠨᠦ ᠵᠠᠷᠤᠴᠠ ᠪᠣᠯᠬᠤ ᠪᠤᠢ᠃ ᠬᠡᠷᠪᠡ ᠠᠯᠢ ᠬᠡᠨ ᠨᠠᠳᠤᠷ ᠵᠠᠷᠤᠭᠳᠠᠬᠤ ᠪᠥᠭᠡᠰᠦ᠂ ᠲᠡᠭᠦᠨ ᠢ ᠮᠢᠨᠦ ᠡᠴᠢᠭᠡ ᠢᠨᠦ ᠬᠦᠨᠳᠦᠯᠡᠬᠦ ᠪᠣᠯᠤᠶᠤ᠃ 27ᠡᠳᠦᠭᠡ ᠮᠢᠨᠦ ᠰᠡᠳᠬᠢᠯ ᠢᠨᠦ ᠵᠣᠪᠠᠨᠢᠮᠤᠢ᠃ ᠲᠡᠶᠢᠨ ᠬᠦ ᠪᠢ ᠪᠡᠷ ᠶᠠᠭᠤᠨ ᠢ ᠥᠭᠦᠯᠡᠬᠦ ᠪᠤᠶᠤ᠃ ᠡᠴᠢᠭᠡ ᠡ᠂ ᠡᠨᠡ ᠬᠦ ᠴᠠᠭ ᠠᠴᠠ ᠨᠠᠮᠠᠶᠢ ᠲᠣᠨᠢᠯᠭᠠᠨ ᠰᠣᠶᠤᠷᠬ᠎ᠠ᠃ ᠵᠦᠭᠡᠷ ᠡᠭᠦᠨ ᠦ ᠲᠤᠯᠠ ᠪᠢ ᠪᠡᠷ ᠡᠨᠡ ᠬᠦ ᠴᠠᠭ ᠲᠤᠷ ᠬᠦᠷᠦᠭᠰᠡᠨ ᠪᠤᠢ᠃ 28ᠡᠴᠢᠭᠡ ᠡ᠂ ᠥᠪᠡᠷ ᠦᠨ ᠨᠡᠷ᠎ᠡ ᠶᠢ ᠴᠣᠭ ᠵᠢᠪᠬᠤᠯᠠᠩ ᠲᠤ ᠪᠣᠯᠭᠠᠨ ᠰᠣᠶᠤᠷᠬ᠎ᠠ᠃ ᠬᠡᠮᠡᠨ ᠵᠠᠯᠪᠠᠷᠢᠭᠰᠠᠨ ᠳᠤᠷ ᠣᠭᠲᠠᠷᠭᠤᠢ ᠠᠴᠠ ᠨᠢᠭᠡᠨ ᠳᠠᠭᠤᠨ ᠭᠠᠷᠤᠨ ᠡᠶᠢᠨ᠃ ᠪᠢ ᠪᠡᠷ ᠴᠣᠭ ᠵᠢᠪᠬᠤᠯᠠᠩ ᠲᠤ ᠪᠣᠯᠭᠠᠭᠠᠳ᠂ ᠳ᠋ᠠᠬᠢᠨ ᠴᠣᠭ ᠵᠢᠪᠬᠤᠯᠠᠩ ᠲᠤ ᠪᠣᠯᠭᠠᠬᠤ ᠪᠤᠢ᠃ 29ᠬᠡᠮᠡᠨ ᠵᠠᠷᠯᠢᠭ ᠪᠣᠯᠤᠭᠰᠠᠨ ᠳᠤᠷ ᠲᠡᠨᠳᠡ ᠠᠭᠰᠠᠨ ᠤᠯᠤᠰ ᠠᠨᠤ ᠰᠣᠨᠣᠰᠤᠭᠠᠳ ᠡᠶᠢᠨ᠃ ᠠᠶᠤᠩᠭ᠍᠎ᠠ ᠶᠢᠨ ᠳᠠᠭᠤ ᠭᠠᠷᠤᠮᠤᠢ ᠬᠡᠮᠡᠨ᠃ ᠵᠠᠷᠢᠮ ᠤᠳ ᠠᠨᠤ ᠡᠶᠢᠨ᠃ ᠨᠢᠭᠡᠨ ᠠᠩᠭᠢᠯ ᠠᠨᠤ ᠲᠡᠭᠦᠨ ᠳᠦᠷ ᠠᠶᠢᠯᠠᠳᠬᠠᠪᠠᠢ᠃ 30ᠬᠡᠮᠡᠨ ᠥᠭᠦᠯᠡᠯᠳᠦᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠡᠨᠡ ᠳᠠᠭᠤ ᠠᠨᠤ ᠮᠢᠨᠦ ᠲᠤᠯᠠ ᠪᠤᠰᠤ᠂ ᠬᠠᠷᠢᠨ ᠲᠠᠨ ᠤ ᠲᠤᠯᠠ ᠭᠠᠷᠪᠠᠢ᠃ 31ᠡᠳᠦᠭᠡ ᠡᠨᠡ ᠶᠢᠷᠲᠢᠨᠴᠦ ᠶᠢᠨ ᠵᠠᠷᠭᠤᠨ ᠢ ᠰᠢᠭᠢᠳᠬᠡᠬᠦᠢ ᠴᠠᠭ ᠪᠤᠢ ᠪᠥᠭᠡᠳ᠂ ᠡᠳᠦᠭᠡ ᠡᠨᠡ ᠶᠢᠷᠲᠢᠨᠴᠦ ᠶᠢᠨ ᠲᠡᠷᠢᠭᠦᠯᠡᠭᠴᠢ ᠢᠨᠦ ᠭᠠᠷᠭᠠᠭᠳᠠᠬᠤ ᠪᠤᠢ᠃ 32ᠵᠢᠴᠢ ᠪᠢ ᠪᠡᠷ ᠭᠠᠵᠠᠷ ᠠᠴᠠ ᠥᠷᠭᠦᠵᠢᠭᠳᠡᠬᠦᠢ ᠳᠦᠷ ᠪᠡᠶ᠎ᠡ ᠳᠡᠭᠡᠨ ᠪᠦᠭᠦᠳᠡᠭᠡᠷ ᠢ ᠲᠠᠲᠠᠰᠤ᠃ 33ᠡᠨᠡ ᠬᠡᠮᠡᠪᠡᠰᠦ ᠶᠠᠮᠪᠠᠷ ᠦᠬᠦᠯ ᠢᠶᠡᠷ ᠨᠥᠭᠴᠢᠬᠦᠢ ᠪᠡᠨ ᠦᠵᠡᠭᠦᠯᠬᠦ ᠶᠢᠨ ᠲᠤᠯᠠ ᠵᠠᠷᠯᠢᠭ ᠪᠣᠯᠤᠭᠰᠠᠨ ᠪᠥᠯᠦᠭᠡ᠃ 34ᠣᠯᠠᠨ ᠤᠯᠤᠰ ᠠᠨᠤ ᠬᠠᠷᠢᠭᠤ ᠥᠭᠦᠯᠡᠯᠳᠦᠷᠦᠨ᠃ ᠬᠡᠷᠢᠰᠲ᠋ᠣᠰ ᠠᠨᠤ ᠮᠥᠩᠬᠡᠳᠡ ᠪᠠᠶᠢᠬᠤ ᠪᠤᠢ᠃ ᠬᠡᠮᠡᠨ ᠪᠢᠳᠡ ᠪᠡᠷ ᠲᠣᠭᠲᠠᠭᠠᠯ ᠠᠴᠠ ᠰᠣᠨᠣᠰᠤᠭᠰᠠᠨ ᠪᠤᠢ᠃ ᠲᠡᠶᠢᠨ ᠬᠦ ᠴᠢ ᠪᠡᠷ ᠬᠦᠮᠦᠨ ᠲᠥᠷᠥᠯᠬᠢᠲᠦ ᠢᠨᠦ ᠥᠷᠭᠦᠵᠢᠭᠳᠡᠬᠦ ᠶᠣᠰᠤᠲᠤ ᠬᠡᠮᠡᠨ ᠶᠠᠬᠢᠨ ᠥᠭᠦᠯᠡᠮᠦᠶᠦ᠃ ᠡᠨᠡ ᠬᠦᠮᠦᠨ ᠲᠥᠷᠥᠯᠬᠢᠲᠦ ᠢᠨᠦ ᠬᠡᠨ ᠪᠤᠶᠤ᠃ 35ᠬᠡᠮᠡᠨ ᠥᠭᠦᠯᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠵᠢᠴᠢ ᠨᠢᠭᠡᠨ ᠥᠴᠦᠬᠡᠨ ᠴᠠᠭ ᠲᠤᠷ ᠲᠠᠨ ᠤ ᠳᠣᠲᠣᠷ᠎ᠠ ᠭᠡᠷᠡᠯ ᠢᠨᠦ ᠪᠠᠶᠢᠮᠤᠢ᠃ ᠲᠠ ᠪᠡᠷ ᠭᠡᠷᠡᠯ ᠲᠦ ᠪᠤᠢ ᠪᠥᠭᠡᠲᠡᠯ᠎ᠡ ᠶᠠᠪᠤᠭᠲᠤᠨ᠃ ᠲᠡᠶᠢᠨ ᠪᠤᠰᠤ ᠪᠥᠭᠡᠰᠦ ᠬᠠᠷᠠᠩᠭᠤᠢ ᠠᠨᠤ ᠲᠠᠨ ᠢ ᠲᠤᠰᠬᠤ ᠪᠣᠯᠤᠭᠤᠵᠠᠢ᠃ ᠬᠠᠷᠠᠩᠭᠤᠢ ᠳᠤᠷ ᠶᠠᠪᠤᠭᠴᠢ ᠠᠨᠤ ᠬᠠᠮᠢᠭᠠᠰᠢ ᠣᠳᠬᠤᠢ ᠪᠠᠨ ᠡᠰᠡ ᠮᠡᠳᠡᠮᠦᠢ᠃ 36ᠲᠠᠨ ᠳᠤᠷ ᠭᠡᠷᠡᠯ ᠪᠥᠭᠡᠲᠡᠯ᠎ᠡ ᠭᠡᠷᠡᠯ ᠦᠨ ᠬᠡᠦᠬᠡᠳ ᠪᠣᠯᠬᠤ ᠶᠢᠨ ᠲᠤᠯᠠ ᠭᠡᠷᠡᠯ ᠳᠦᠷ ᠢᠲᠡᠭᠡᠭᠲᠦᠨ᠃ ᠬᠡᠮᠡᠨ ᠵᠠᠷᠯᠢᠭ ᠪᠣᠯᠤᠭᠠᠳ ᠢᠢᠰᠦᠰ ᠢᠨᠦ ᠣᠳᠤᠭᠠᠳ ᠪᠡᠶ᠎ᠡ ᠪᠡᠨ ᠲᠡᠳᠡᠨ ᠡᠴᠡ ᠨᠢᠭᠤᠪᠠᠢ ᠅ 37ᠵᠦᠭᠡᠷ ᠲᠡᠷᠡ ᠢᠨᠦ ᠲᠡᠳᠡᠨ ᠦ ᠡᠮᠦᠨᠡ ᠲᠡᠷᠡ ᠮᠡᠲᠦ ᠭᠠᠶᠢᠬᠠᠮᠰᠢᠭ ᠤᠳ ᠢ ᠦᠢᠯᠡᠳᠦᠭᠰᠡᠨ ᠪᠣᠯᠪᠠᠴᠤ᠂ ᠲᠡᠳᠡ ᠢᠨᠦ ᠲᠡᠭᠦᠨ ᠳᠦᠷ ᠡᠰᠡ ᠢᠲᠡᠭᠡᠪᠡᠢ᠃ 38ᠡᠨᠡ ᠬᠡᠮᠡᠪᠡᠰᠦ ᠢᠰᠠᠢ᠌ᠶ᠎ᠠ ᠹᠣᠷᠣᠹᠢᠳ ᠤᠨ ᠵᠠᠷᠯᠢᠭ ᠪᠦᠲᠦᠬᠦ ᠶᠢᠨ ᠲᠤᠯᠠ ᠪᠣᠯᠠᠢ᠃ ᠵᠠᠷᠯᠢᠭ ᠠᠨᠤ ᠡᠶᠢᠨ᠃ ᠡᠵᠡᠨ ᠡ᠂ ᠪᠢᠳᠡᠨ ᠦ ᠰᠣᠨᠣᠰᠬᠠᠭᠰᠠᠨ ᠳᠤᠷ ᠬᠡᠨ ᠢᠲᠡᠭᠡᠭᠰᠡᠨ ᠪᠤᠶᠤ᠃ ᠡᠵᠡᠨ ᠦ ᠮᠤᠲᠤᠷ ᠠᠨᠤ ᠬᠡᠨ ᠳᠦᠷ ᠢᠯᠡᠷᠬᠡᠶᠢᠯᠡᠭᠳᠡᠭᠰᠡᠨ ᠪᠤᠶᠤ᠃ ᠬᠡᠮᠡᠭᠳᠡᠯᠦᠭᠡ᠃ 39ᠡᠭᠦᠨ ᠦ ᠤᠴᠢᠷ ᠠᠴᠠ ᠲᠡᠳᠡ ᠢᠨᠦ ᠢᠲᠡᠭᠡᠵᠦ ᠡᠰᠡ ᠴᠢᠳᠠᠭᠰᠠᠨ ᠪᠤᠢ ᠬᠡᠮᠡᠪᠡᠰᠦ᠂ ᠢᠰᠠᠢ᠌ᠶ᠎ᠠ ᠶᠢᠨ ᠪᠠᠰᠠ ᠵᠠᠷᠯᠢᠭ ᠪᠣᠯᠤᠭᠰᠠᠨ ᠠᠨᠤ ᠡᠶᠢᠨ᠃ 40ᠲᠡᠷᠡ ᠢᠨᠦ ᠲᠡᠳᠡᠨ ᠦ ᠨᠢᠳᠦᠳ ᠢ ᠦᠵᠡᠭᠳᠡᠯ ᠦᠭᠡᠢ ᠪᠣᠯᠭᠠᠨ᠂ ᠲᠡᠳᠡᠨ ᠦ ᠵᠢᠷᠦᠬᠡᠳ ᠢ ᠮᠡᠳᠡᠭᠳᠡᠯ ᠦᠭᠡᠢ ᠪᠣᠯᠭᠠᠪᠠᠢ᠃ ᠡᠨᠡ ᠬᠡᠮᠡᠪᠡᠰᠦ ᠲᠡᠳᠡᠨ ᠦ ᠨᠢᠳᠦᠳ ᠢᠶᠡᠷ ᠢᠶᠡᠨ ᠦᠯᠦ ᠦᠵᠡᠨ᠂ ᠵᠢᠷᠦᠬᠡᠳ ᠢᠶᠡᠷ ᠢᠶᠡᠨ ᠦᠯᠦ ᠤᠬᠠᠨ᠂ ᠭᠡᠮᠰᠢᠯ ᠢ ᠦᠯᠦ ᠲᠥᠷᠥᠨ᠂ ᠮᠢᠨᠦ ᠲᠡᠳᠡᠨ ᠢ ᠦᠯᠦ ᠢᠲᠡᠭᠡᠭᠡᠬᠦ ᠶᠢᠨ ᠲᠤᠯᠠ ᠪᠣᠯᠠᠢ᠃ 41ᠬᠡᠮᠡᠨ ᠢᠰᠠᠢ᠌ᠶ᠎ᠠ ᠠᠨᠤ ᠲᠡᠭᠦᠨ ᠦ ᠴᠣᠭ ᠵᠢᠪᠬᠤᠯᠠᠩ ᠢ ᠦᠵᠡᠨ᠂ ᠲᠡᠭᠦᠨ ᠦ ᠤᠴᠢᠷ᠎ᠠ ᠡᠰᠢ ᠦᠵᠡᠭᠦᠯᠦᠭᠰᠡᠨ ᠳᠡᠭᠡᠨ ᠵᠠᠷᠯᠢᠭ ᠪᠣᠯᠪᠠᠢ ᠅ 42ᠲᠡᠶᠢᠨ ᠪᠣᠯᠪᠠᠴᠤ ᠲᠡᠷᠢᠭᠦᠯᠡᠭᠴᠢᠳ ᠡᠴᠡ ᠣᠯᠠᠨ ᠠᠨᠤ ᠲᠡᠭᠦᠨ ᠳᠦᠷ ᠢᠲᠡᠭᠡᠪᠡᠢ᠃ ᠵᠦᠭᠡᠷ ᠹᠠᠷᠢᠰᠢ ᠨᠠᠷ ᠠᠴᠠ (ᠠᠶᠤᠵᠤ) ᠬᠤᠷᠠᠯ ᠠᠴᠠ ᠦᠯᠦ ᠭᠠᠷᠭᠠᠭᠳᠠᠬᠤ ᠶᠢᠨ ᠲᠤᠯᠠ ᠢᠲᠡᠭᠡᠯ ᠢᠶᠡᠨ ᠡᠰᠡ ᠢᠯᠡᠷᠬᠡᠶᠢᠯᠡᠪᠡᠢ᠃ 43ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠬᠦᠮᠦᠨ ᠦ ᠬᠦᠨᠳᠦᠯᠡᠯ ᠢ ᠪᠤᠷᠬᠠᠨ ᠤ ᠬᠦᠨᠳᠦᠯᠡᠯ ᠡᠴᠡ ᠦᠯᠡᠮᠵᠢ ᠢᠨᠠᠭᠯᠠᠪᠠᠢ᠃ 44ᠲᠡᠨᠳᠡ ᠢᠢᠰᠦᠰ ᠢᠨᠦ ᠳᠠᠭᠤᠳᠠᠨ ᠡᠶᠢᠨ᠃ ᠨᠠᠳᠤᠷ ᠢᠲᠡᠭᠡᠭᠴᠢ ᠢᠨᠦ (ᠢᠮᠠᠭᠲᠠ) ᠨᠠᠳᠤᠷ ᠪᠤᠰᠤ᠂ ᠬᠠᠷᠢᠨ ᠨᠠᠮᠠᠶᠢ ᠢᠯᠡᠭᠡᠭᠰᠡᠨ ᠳᠦᠷ ᠢᠲᠡᠭᠡᠮᠦᠢ᠃ 45ᠵᠢᠴᠢ ᠨᠠᠮᠠᠶᠢ ᠦᠵᠡᠭᠴᠢ ᠢᠨᠦ ᠨᠠᠮᠠᠶᠢ ᠢᠯᠡᠭᠡᠭᠰᠡᠨ ᠢ ᠦᠵᠡᠮᠦᠢ᠃ 46ᠠᠯᠢ ᠬᠡᠨ ᠨᠠᠳᠤᠷ ᠢᠲᠡᠭᠡᠭᠴᠢ ᠢᠨᠦ ᠬᠠᠷᠠᠩᠭᠤᠢ ᠳᠤᠷ ᠪᠦᠦ ᠪᠠᠶᠢᠲᠤᠭᠠᠢ ᠬᠡᠮᠡᠨ ᠪᠢ ᠪᠡᠷ ᠭᠡᠷᠡᠯ ᠪᠣᠯᠤᠨ ᠶᠢᠷᠲᠢᠨᠴᠦ ᠳᠦᠷ ᠢᠷᠡᠭᠰᠡᠨ ᠪᠤᠢ᠃ 47ᠲᠡᠶᠢᠨ ᠬᠦ ᠬᠡᠷᠪᠡ ᠠᠯᠢ ᠬᠡᠨ ᠮᠢᠨᠦ ᠦᠭᠡᠰ ᠢ ᠰᠣᠨᠣᠰᠤᠭᠠᠳ ᠡᠰᠡ ᠢᠲᠡᠭᠡᠪᠡᠰᠦ᠂ ᠪᠢ ᠪᠡᠷ ᠲᠡᠭᠦᠨ ᠦ ᠵᠠᠷᠭᠤᠨ ᠢ ᠡᠰᠡ ᠰᠢᠭᠢᠳᠬᠡᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠶᠢᠷᠲᠢᠨᠴᠦ ᠶᠢᠨ ᠵᠠᠷᠭᠤᠨ ᠢ ᠰᠢᠭᠢᠳᠬᠡᠬᠦ ᠶᠢᠨ ᠲᠤᠯᠠ ᠪᠤᠰᠤ᠂ ᠬᠠᠷᠢᠨ ᠶᠢᠷᠲᠢᠨᠴᠦ ᠶᠢ ᠲᠣᠨᠢᠯᠭᠠᠬᠤ ᠶᠢᠨ ᠲᠤᠯᠠ ᠢᠷᠡᠭᠰᠡᠨ ᠪᠣᠯᠠᠢ᠃ 48ᠨᠠᠮᠠᠶᠢ ᠬᠡᠷᠡᠭ ᠦᠭᠡᠢ ᠪᠣᠯᠭᠠᠨ᠂ ᠮᠢᠨᠦ ᠦᠭᠡᠰ ᠢ ᠡᠰᠡ ᠲᠣᠭᠲᠠᠭᠠᠨ ᠠᠪᠤᠭᠴᠢ ᠲᠡᠭᠦᠨ ᠳᠦᠷ ᠨᠢᠭᠡᠨ ᠪᠤᠷᠤᠭᠤᠰᠢᠶᠠᠭᠴᠢ ᠪᠤᠢ ᠬᠡᠮᠡᠪᠡᠰᠦ᠂ ᠮᠢᠨᠦ ᠥᠭᠦᠯᠡᠭᠰᠡᠨ ᠦᠭᠡ ᠢᠨᠦ ᠡᠴᠦᠰᠳᠡᠬᠢ ᠡᠳᠦᠷ᠎ᠡ ᠲᠡᠭᠦᠨ ᠢ ᠪᠤᠷᠤᠭᠤᠰᠢᠶᠠᠬᠤ ᠪᠤᠢ᠃ 49ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠥᠪᠡᠷ ᠦᠨ ᠪᠡᠶ᠎ᠡ ᠡᠴᠡ ᠡᠰᠡ ᠥᠭᠦᠯᠡᠮᠦᠢ᠃ ᠬᠠᠷᠢᠨ ᠨᠠᠮᠠᠶᠢ ᠢᠯᠡᠭᠡᠭᠰᠡᠨ ᠡᠴᠢᠭᠡ ᠢᠨᠦ ᠨᠠᠳᠤᠷ ᠶᠠᠭᠤᠨ ᠵᠠᠬᠢᠬᠤᠢ ᠬᠢᠭᠡᠳ ᠶᠠᠭᠤᠨ ᠥᠭᠦᠯᠡᠬᠦᠢ ᠶᠢ ᠵᠠᠷᠯᠢᠭ ᠪᠣᠯᠤᠭᠰᠠᠨ ᠪᠤᠢ᠃ 50ᠵᠢᠴᠢ ᠲᠡᠭᠦᠨ ᠦ ᠵᠠᠷᠯᠢᠭ ᠠᠨᠤ ᠮᠥᠩᠬᠡ ᠠᠮᠢᠨ ᠮᠥᠨ ᠬᠡᠮᠡᠨ ᠪᠢ ᠪᠡᠷ ᠮᠡᠳᠡᠮᠦᠢ᠃ ᠲᠡᠶᠢᠮᠦ ᠶᠢᠨ ᠲᠤᠯᠠ ᠪᠢ ᠪᠡᠷ ᠶᠠᠭᠤᠨ ᠢ ᠴᠤ ᠥᠭᠦᠯᠡᠬᠦ ᠳᠡᠭᠡᠨ ᠡᠴᠢᠭᠡ ᠶᠢᠨ ᠨᠠᠳᠤᠷ ᠵᠠᠷᠯᠢᠭ ᠪᠣᠯᠤᠭᠰᠠᠨ ᠢᠶᠠᠷ ᠥᠭᠦᠯᠡᠮᠦᠢ᠃ ᠬᠡᠮᠡᠨ ᠵᠠᠷᠯᠢᠭ ᠪᠣᠯᠵᠤᠬᠤᠢ ᠅

Podkreślenie

Udostępnij

Kopiuj

None

Chcesz, aby twoje zakreślenia były zapisywane na wszystkich twoich urządzeniach? Zarejestruj się lub zaloguj