ᠢᠣᠸᠠᠨ 13
13
ᠠᠷᠪᠠᠨ ᠭᠤᠷᠪᠠᠳᠤᠭᠠᠷ ᠪᠦᠯᠦᠭ ᠅
1ᠲᠡᠶᠢᠨ ᠪᠥᠭᠡᠳ ᠹᠠᠰᠬᠠ ᠬᠡᠮᠡᠭᠴᠢ ᠨᠠᠶᠢᠷ ᠠᠴᠠ ᠤᠷᠢᠳᠠ ᠢᠢᠰᠦᠰ ᠢᠨᠦ ᠡᠨᠡ ᠶᠢᠷᠲᠢᠨᠴᠦ ᠡᠴᠡ ᠭᠠᠷᠤᠨ᠂ ᠡᠴᠢᠭᠡ ᠳᠡᠭᠡᠨ ᠥᠭᠡᠳᠡ ᠪᠣᠯᠬᠤᠢ ᠴᠠᠭ ᠤᠨ ᠢᠷᠡᠭᠰᠡᠨ ᠢ ᠮᠡᠳᠡᠭᠡᠳ᠂ ᠶᠢᠷᠲᠢᠨᠴᠦ ᠳᠦᠷ ᠠᠭᠴᠢ ᠥᠪᠡᠷ ᠦᠨ (ᠱᠠᠪᠢᠨᠠᠷ ᠢ) ᠢᠨᠠᠭᠯᠠᠭᠠᠳ᠂ ᠡᠴᠦᠰ ᠪᠣᠯᠲᠠᠯ᠎ᠠ ᠢᠨᠠᠭᠯᠠᠪᠠᠢ᠃ 2ᠲᠡᠨᠳᠡ ᠦᠳᠡᠰᠢ ᠶᠢᠨ ᠵᠣᠭᠤᠭ ᠪᠣᠯᠤᠭᠰᠠᠨ ᠳᠤᠷ᠂ ᠪᠠᠰᠠ ᠰᠠᠲ᠋ᠠᠨᠠ ᠴᠤ ᠰᠢᠢᠮᠣᠨ ᠤ ᠶᠦᠳᠠ᠋ ᠢᠰᠺᠠᠷᠢᠶᠣᠳ ᠬᠥᠪᠡᠭᠦᠨ ᠦ ᠵᠢᠷᠦᠬᠡ ᠳᠦᠷ ᠢᠢᠰᠦᠰ ᠢ ᠪᠠᠷᠢᠭᠤᠯᠬᠤᠢ ᠰᠠᠨᠠᠭᠠᠨ ᠢ ᠣᠷᠣᠭᠤᠯᠤᠭᠰᠠᠨ ᠳᠤᠷ᠃ 3ᠢᠢᠰᠦᠰ ᠢᠨᠦ ᠡᠴᠢᠭᠡ ᠶᠢᠨ ᠠᠯᠢᠪᠠ ᠶᠠᠭᠤᠮ᠎ᠠ ᠶᠢ ᠲᠡᠭᠦᠨ ᠦ ᠭᠠᠷ ᠲᠤᠷ ᠥᠭᠭᠦᠭᠰᠡᠨ ᠪᠥᠭᠡᠳ᠂ ᠪᠤᠷᠬᠠᠨ ᠠᠴᠠ ᠢᠷᠡᠭᠡᠳ ᠪᠤᠷᠬᠠᠨ ᠳᠤᠷ ᠴᠤ ᠥᠭᠡᠳᠡ ᠪᠣᠯᠬᠤᠢ ᠪᠠᠨ ᠭᠡᠭᠡᠭᠡᠨ ᠳᠡᠭᠡᠨ ᠠᠶᠢᠯᠠᠳᠤᠭᠠᠳ᠃ 4ᠦᠳᠡᠰᠢ ᠶᠢᠨ ᠵᠣᠭᠤᠭ ᠠᠴᠠ ᠪᠣᠰᠴᠤ ᠬᠤᠪᠴᠠᠰᠤᠨ ᠢᠶᠡᠨ ᠲᠠᠶᠢᠯᠤᠨ᠂ ᠠᠷᠴᠢᠭᠤᠯ ᠢ ᠠᠪᠤᠭᠠᠳ ᠪᠡᠶ᠎ᠡ ᠪᠡᠨ ᠪᠦᠰᠡᠯᠡᠪᠡᠢ᠃ 5ᠪᠠᠰᠠ ᠲᠡᠷᠡ ᠢᠨᠦ ᠨᠢᠭᠡᠨ ᠰᠠᠪᠠ ᠳᠤᠷ ᠤᠰᠤᠨ ᠢ ᠬᠢᠵᠦ ᠱᠠᠪᠢᠨᠠᠷ ᠤᠨ ᠬᠥᠯ ᠢ ᠤᠬᠢᠶᠠᠨ᠂ ᠪᠡᠶ᠎ᠡ ᠪᠡᠨ ᠪᠦᠰᠡᠯᠡᠭᠰᠡᠨ ᠠᠷᠴᠢᠭᠤᠯ ᠢᠶᠠᠷ ᠠᠷᠴᠢᠪᠠᠢ᠃ 6ᠲᠡᠭᠦᠨ ᠦ ᠰᠢᠢᠮᠣᠨ ᠹᠢᠲ᠋ᠢᠷ ᠲᠦᠷ ᠬᠦᠷᠬᠦᠢ ᠳᠦᠷ ᠲᠡᠷᠡ ᠢᠨᠦ ᠲᠡᠭᠦᠨ ᠳᠦᠷ ᠡᠶᠢᠨ᠃ ᠡᠵᠡᠨ ᠡ᠂ ᠴᠢ ᠪᠡᠷ ᠮᠢᠨᠦ ᠬᠥᠯ ᠢ ᠤᠬᠢᠶᠠᠮᠤᠶᠤ᠃ 7ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠡᠶᠢᠨ᠃ ᠮᠢᠨᠦ ᠦᠢᠯᠡᠳᠪᠡᠢ ᠶᠢ ᠴᠢ ᠪᠡᠷ ᠡᠳᠦᠭᠡ ᠡᠰᠡ ᠮᠡᠳᠡᠪᠡᠰᠦ᠂ ᠬᠣᠶᠢᠨᠠ ᠣᠨᠤᠬᠤ ᠪᠣᠯᠤᠶᠤ᠃ 8ᠬᠡᠮᠡᠨ ᠵᠠᠷᠯᠢᠭ ᠪᠣᠯᠤᠭᠰᠠᠨ᠋ᠠ ᠹᠢᠲ᠋ᠢᠷ ᠠᠨᠤ ᠡᠶᠢᠨ᠃ ᠴᠢ ᠪᠡᠷ ᠮᠢᠨᠦ ᠬᠥᠯ ᠢ ᠬᠡᠵᠢᠶ᠎ᠡ ᠴᠤ ᠦᠯᠦ ᠤᠬᠢᠶᠠᠬᠤ ᠪᠤᠢ᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠬᠡᠷᠪᠡ ᠪᠢ ᠪᠡᠷ ᠴᠢᠮᠠᠶᠢ ᠦᠯᠦ ᠤᠬᠢᠶᠠᠬᠤ ᠪᠥᠭᠡᠰᠦ᠂ ᠴᠢ ᠪᠡᠷ ᠨᠠᠳᠠᠯᠤᠭᠠ ᠬᠤᠪᠢ ᠦᠭᠡᠢ ᠪᠣᠯᠬᠤ ᠪᠤᠢ᠃ 9ᠰᠢᠢᠮᠣᠨ ᠹᠢᠲ᠋ᠢᠷ ᠠᠨᠤ ᠲᠡᠭᠦᠨ ᠳᠦᠷ ᠡᠶᠢᠨ᠃ ᠡᠵᠡᠨ ᠡ᠂ ᠮᠢᠨᠦ ᠬᠥᠯ ᠢ ᠪᠠᠶᠢᠲᠤᠭᠠᠢ᠂ ᠬᠠᠷᠢᠨ ᠮᠢᠨᠦ ᠭᠠᠷ ᠬᠢᠭᠡᠳ ᠲᠣᠯᠤᠭᠠᠢ ᠶᠢ (ᠤᠬᠢᠶᠠᠨ ᠰᠣᠶᠤᠷᠬ᠎ᠠ)᠃ 10ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠠᠯᠢ ᠬᠡᠨ ᠤᠬᠢᠶᠠᠭᠳᠠᠪᠠᠰᠤ᠂ ᠣᠭᠤᠭᠠᠲᠠ ᠠᠷᠢᠭᠤᠨ ᠪᠥᠭᠡᠲᠡᠯ᠎ᠡ ᠢᠮᠠᠭᠲᠠ ᠬᠥᠯ ᠢᠶᠡᠨ ᠤᠬᠢᠶᠠᠬᠤ ᠬᠡᠷᠡᠭᠲᠦ ᠪᠤᠢ᠃ ᠲᠠ ᠪᠡᠷ ᠠᠷᠢᠭᠤᠨ ᠪᠣᠯᠪᠠᠴᠤ᠂ ᠪᠦᠭᠦᠳᠡᠭᠡᠷ (ᠠᠷᠢᠭᠤᠨ) ᠪᠤᠰᠤ᠃ 11ᠲᠠ ᠪᠡᠷ ᠠᠷᠢᠭᠤᠨ ᠪᠣᠯᠪᠠᠴᠤ ᠪᠦᠭᠦᠳᠡᠭᠡᠷ (ᠠᠷᠢᠭᠤᠨ) ᠪᠤᠰᠤ ᠬᠡᠮᠡᠨ ᠵᠠᠷᠯᠢᠭ ᠪᠣᠯᠤᠭᠰᠠᠨ ᠤᠴᠢᠷ ᠬᠡᠮᠡᠪᠡᠰᠦ᠂ ᠬᠡᠨ ᠲᠡᠭᠦᠨ ᠢ ᠪᠠᠷᠢᠭᠤᠯᠬᠤᠢ ᠶᠢ ᠲᠡᠷᠡ ᠢᠨᠦ ᠮᠡᠳᠡᠵᠦ ᠠᠶᠢᠯᠠᠳᠪᠠᠢ᠃ 12ᠲᠡᠶᠢᠨ ᠪᠥᠭᠡᠳ ᠲᠡᠷᠡ ᠢᠨᠦ ᠲᠡᠳᠡᠨ ᠦ ᠬᠥᠯ ᠢ ᠤᠬᠢᠶᠠᠭᠠᠳ᠂ ᠬᠤᠪᠴᠠᠰᠤᠨ ᠢᠶᠠᠨ ᠠᠪᠤᠨ ᠳ᠋ᠠᠬᠢᠨ ᠰᠠᠭᠤᠵᠤ᠂ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠶᠠᠭᠤᠨ ᠦᠢᠯᠡᠳᠦᠭᠰᠡᠨ ᠢ ᠲᠠ ᠪᠡᠷ ᠣᠨᠤᠮᠤᠶᠤ᠃ 13ᠲᠠ ᠪᠡᠷ ᠨᠠᠮᠠᠶᠢ ᠪᠠᠭᠰᠢ ᠬᠢᠭᠡᠳ ᠡᠵᠡᠨ ᠬᠡᠮᠡᠨ ᠨᠡᠷᠡᠯᠡᠮᠦᠢ᠃ ᠲᠡᠶᠢᠨ ᠬᠦ ᠪᠢ (ᠲᠡᠷᠡ ᠮᠡᠲᠦ) ᠮᠥᠨ ᠦ ᠲᠤᠯᠠ ᠲᠠ ᠪᠡᠷ ᠵᠥᠪ ᠢᠶᠡᠷ ᠥᠭᠦᠯᠡᠮᠦᠢ᠃ 14ᠬᠡᠷᠪᠡ ᠪᠢ ᠪᠡᠷ ᠲᠠᠨᠤ ᠪᠠᠭᠰᠢ ᠬᠢᠭᠡᠳ ᠡᠵᠡᠨ ᠪᠥᠭᠡᠲᠡᠯ᠎ᠡ ᠲᠠᠨᠤ ᠬᠥᠯ ᠢ ᠤᠬᠢᠶᠠᠭᠰᠠᠨ ᠪᠣᠯᠪᠠᠰᠤ᠂ ᠲᠠ ᠴᠤ ᠥᠪᠡᠷ ᠥᠪᠡᠷ ᠦᠨ ᠬᠥᠯ ᠢ ᠤᠬᠢᠶᠠᠯᠴᠠᠬᠤ ᠶᠣᠰᠤ ᠲᠤ ᠪᠤᠢ᠃ 15ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠦᠢᠯᠡᠳᠦᠭᠰᠡᠨ ᠮᠡᠲᠦ ᠲᠡᠭᠦᠨᠴᠢᠯᠡᠨ ᠲᠠ ᠴᠤ ᠦᠢᠯᠡᠳᠦᠭᠲᠦᠨ ᠬᠡᠮᠡᠨ ᠪᠢ ᠪᠡᠷ ᠲᠠᠨ ᠳᠤᠷ ᠳ᠋ᠦᠷᠢᠮ ᠢ ᠥᠭᠭᠦᠭᠰᠡᠨ ᠪᠤᠢ᠃ 16ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠵᠠᠷᠤᠴᠠ ᠠᠨᠤ ᠥᠪᠡᠷ ᠦᠨ ᠡᠵᠡᠨ ᠡᠴᠡ ᠳᠡᠭᠡᠷ᠎ᠡ ᠪᠤᠰᠤ ᠪᠥᠭᠡᠳ᠂ ᠢᠯᠡᠭᠡᠭᠳᠡᠭᠰᠡᠨ ᠢᠨᠦ ᠢᠯᠡᠭᠡᠭᠰᠡᠨ ᠡᠴᠡ ᠳᠡᠭᠡᠷ᠎ᠡ ᠪᠤᠰᠤ ᠪᠣᠯᠠᠢ᠃ 17ᠬᠡᠷᠪᠡ ᠲᠠ ᠪᠡᠷ ᠡᠭᠦᠨ ᠢ ᠮᠡᠳᠡᠭᠡᠳ ᠲᠡᠭᠦᠨᠴᠢᠯᠡᠨ ᠦᠢᠯᠡᠳᠪᠡᠰᠦ᠂ ᠲᠠ ᠪᠡᠷ ᠠᠮᠤᠭᠤᠯᠠᠩ ᠮᠥᠨ᠃ 18ᠲᠠ ᠪᠦᠭᠦᠳᠡᠭᠡᠷ ᠦᠨ ᠤᠴᠢᠷ᠎ᠠ ᠪᠢ ᠪᠡᠷ ᠡᠰᠡ ᠥᠭᠦᠯᠡᠮᠦᠢ᠃ ᠪᠢ ᠪᠡᠷ ᠬᠡᠳ ᠢ ᠰᠣᠩᠭᠣᠭᠰᠠᠨ ᠢᠶᠠᠨ ᠮᠡᠳᠡᠮᠦᠢ᠃ ᠵᠦᠭᠡᠷ ᠨᠠᠳᠠᠯᠤᠭᠠ ᠢᠳᠡᠭᠡᠨ ᠢ ᠢᠳᠡᠯᠴᠡᠭᠰᠡᠨ ᠬᠦᠮᠦᠨ ᠢᠨᠦ ᠥᠰᠦᠭᠡᠢ ᠪᠡᠨ ᠮᠢᠨᠦ ᠲᠤᠰ ᠡᠷᠭᠦᠭᠰᠡᠨ ᠪᠤᠢ᠂ ᠬᠡᠮᠡᠨ ᠪᠢᠴᠢᠭᠳᠡᠭᠰᠡᠨ ᠦ ᠪᠦᠲᠦᠬᠦ ᠶᠢᠨ ᠲᠤᠯᠠ ᠡᠨᠡ ᠮᠡᠲᠦ ᠪᠣᠯᠠᠢ᠃ 19ᠡᠭᠦᠨ ᠦ ᠤᠴᠢᠷᠠᠬᠤᠢ ᠳᠤᠷ ᠨᠠᠮᠠᠶᠢ ᠲᠡᠷᠡ ᠮᠥᠨ ᠪᠤᠢ ᠬᠡᠮᠡᠨ ᠲᠠᠨᠤ ᠢᠲᠡᠭᠡᠬᠦ ᠶᠢᠨ ᠲᠤᠯᠠ᠂ ᠪᠢ ᠪᠡᠷ ᠤᠴᠢᠷᠠᠬᠤ ᠠᠴᠠ ᠤᠷᠢᠳᠠ ᠡᠭᠦᠨ ᠢ ᠲᠠᠨ ᠳᠤᠷ ᠥᠭᠦᠯᠡᠪᠡᠢ᠃ 20ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠮᠢᠨᠦ ᠢᠯᠡᠭᠡᠭᠰᠡᠨ ᠢ ᠲᠣᠭᠲᠠᠭᠠᠨ ᠠᠪᠤᠭᠴᠢ ᠠᠨᠤ ᠨᠠᠮᠠᠶᠢ ᠲᠣᠭᠲᠠᠭᠠᠨ ᠠᠪᠤᠮᠤᠢ᠃ ᠨᠠᠮᠠᠶᠢ ᠲᠣᠭᠲᠠᠭᠠᠨ ᠠᠪᠤᠭᠴᠢ ᠠᠨᠤ ᠨᠠᠮᠠᠶᠢ ᠢᠯᠡᠭᠡᠭᠰᠡᠨ ᠢ ᠲᠣᠭᠲᠠᠭᠠᠨ ᠠᠪᠤᠮᠤᠢ᠃ 21ᠬᠡᠮᠡᠨ ᠵᠠᠷᠯᠢᠭ ᠪᠣᠯᠤᠭᠠᠳ ᠢᠢᠰᠦᠰ ᠢᠨᠦ ᠰᠡᠳᠬᠢᠯ ᠳᠡᠭᠡᠨ ᠵᠣᠪᠠᠨᠢᠵᠤ ᠭᠡᠷᠡᠴᠢᠯᠡᠨ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠲᠠᠨ ᠠᠴᠠ ᠨᠢᠭᠡᠨ ᠢᠨᠦ ᠨᠠᠮᠠᠶᠢ ᠪᠠᠷᠢᠭᠤᠯᠬᠤ ᠪᠤᠢ᠃ 22ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠨᠢᠭᠡᠨ ᠨᠢᠭᠡᠨ ᠢᠶᠡᠨ ᠬᠠᠷᠠᠯᠴᠠᠵᠤ᠂ ᠬᠡᠨ ᠦ ᠤᠴᠢᠷ᠎ᠠ ᠵᠠᠷᠯᠢᠭ ᠪᠣᠯᠤᠭᠰᠠᠨ ᠢ ᠰᠡᠵᠢᠭᠯᠡᠪᠡᠢ᠃ 23ᠲᠡᠶᠢᠨ ᠠᠬᠤᠶ᠎ᠠ ᠱᠠᠪᠢᠨᠠᠷ ᠠᠴᠠ ᠢᠢᠰᠦᠰ ᠲᠦᠷ ᠦᠯᠡᠮᠵᠢ ᠬᠠᠶᠢᠷ᠎ᠠ ᠲᠤ ᠨᠢᠭᠡᠨ ᠢᠨᠦ ᠢᠢᠰᠦᠰ ᠦᠨ ᠴᠡᠭᠡᠵᠢᠨ ᠢ ᠲᠦᠰᠢᠨ ᠠᠪᠠᠢ᠃ 24ᠲᠡᠭᠦᠨ ᠳᠦᠷ ᠰᠢᠢᠮᠣᠨ ᠹᠢᠲ᠋ᠢᠷ ᠠᠨᠤ ᠬᠡᠨ ᠦ ᠤᠴᠢᠷ᠎ᠠ ᠵᠠᠷᠯᠢᠭ ᠪᠣᠯᠤᠭᠰᠠᠨ ᠢ ᠠᠰᠠᠭᠤᠬᠤᠶ᠎ᠠ ᠳᠣᠬᠢᠶ᠎ᠠ ᠥᠭᠪᠡᠢ᠃ 25ᠲᠡᠶᠢᠨ ᠬᠦ ᠲᠡᠷᠡ ᠢᠨᠦ ᠢᠢᠰᠦᠰ ᠦᠨ ᠴᠡᠭᠡᠵᠢᠨ ᠢ ᠲᠦᠰᠢᠨ ᠪᠠᠶᠢᠵᠤ ᠡᠶᠢᠨ᠃ ᠡᠵᠡᠨ ᠡ᠂ ᠲᠡᠷᠡ ᠬᠡᠨ ᠪᠤᠶᠤ᠃ 26ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠪᠢ ᠪᠡᠷ ᠢᠳᠡᠭᠡᠨ ᠢ ᠳᠡᠪᠲᠡᠭᠡᠭᠡᠳ ᠬᠡᠨ ᠳᠦᠷ ᠥᠭᠬᠦ ᠲᠡᠭᠦᠨ ᠢ ᠮᠥᠨ (ᠬᠡᠮᠡᠨ ᠮᠡᠳᠡ)᠃ ᠬᠡᠮᠡᠨ ᠵᠠᠷᠯᠢᠭ ᠪᠣᠯᠤᠭᠠᠳ᠂ ᠢᠳᠡᠭᠡᠨ ᠢ ᠳᠡᠪᠲᠡᠭᠡᠭᠡᠳ ᠰᠢᠢᠮᠣᠨ ᠤ ᠶᠦᠳᠠ᠋ ᠢᠰᠺᠠᠷᠢᠶᠣᠳ ᠲᠤᠷ ᠥᠭᠪᠡᠢ᠃ 27ᠲᠡᠭᠦᠨ ᠦ ᠢᠳᠡᠭᠡᠨ ᠢ ᠠᠪᠤᠭᠰᠠᠨ ᠳᠤᠷ ᠰᠠᠲ᠋ᠠᠨᠠ ᠠᠨᠤ ᠲᠡᠭᠦᠨ ᠦ ᠳᠣᠲᠣᠷ᠎ᠠ ᠣᠷᠣᠪᠠᠢ᠃ ᠲᠡᠶᠢᠨ ᠪᠥᠭᠡᠳ ᠢᠢᠰᠦᠰ ᠢᠨᠦ ᠲᠡᠭᠦᠨ ᠳᠦᠷ ᠡᠶᠢᠨ᠃ ᠶᠠᠭᠤᠨ ᠦᠢᠯᠡᠳᠬᠦ ᠪᠡᠨ ᠦᠳᠲᠦᠷ ᠦᠢᠯᠡᠳ᠃ 28ᠬᠡᠮᠡᠨ ᠵᠠᠷᠯᠢᠭ ᠪᠣᠯᠤᠭᠰᠠᠨ ᠳᠦᠷ ᠲᠡᠨᠳᠡ ᠰᠠᠭᠤᠭᠰᠠᠳ ᠠᠴᠠ ᠬᠡᠨ ᠴᠤ ᠶᠠᠭᠤᠨ ᠤ ᠤᠴᠢᠷ᠎ᠠ ᠵᠠᠬᠢᠭᠰᠠᠨ ᠢ ᠡᠰᠡ ᠣᠨᠤᠪᠠᠢ᠃ 29ᠬᠠᠷᠢᠨ ᠶᠦᠳᠠ᠋ ᠠᠨᠤ ᠰᠠᠩ ᠢ ᠪᠠᠷᠢᠭᠴᠢ ᠠᠭᠰᠠᠨ ᠮᠥᠨ ᠪᠥᠭᠡᠲᠡᠯ᠎ᠡ᠂ ᠢᠢᠰᠦᠰ ᠦᠨ ᠲᠡᠭᠦᠨ ᠳᠦᠷ ᠨᠠᠶᠢᠷ ᠲᠤᠷ ᠬᠡᠷᠡᠭᠯᠡᠬᠦᠨ ᠢ ᠬᠤᠳᠠᠯᠳᠤᠵᠤ ᠠᠪᠬᠤᠢ᠂ ᠡᠰᠡᠪᠡᠰᠦ ᠦᠭᠡᠭᠦᠦ ᠶᠠᠳᠠᠭᠤ ᠨᠤᠭᠤᠳ ᠲᠤᠷ ᠶᠠᠭᠤᠨ ᠥᠭᠬᠦᠢ ᠶᠢ ᠵᠠᠬᠢᠭᠰᠠᠨ ᠢ ᠵᠠᠷᠢᠮ ᠤᠳ ᠠᠨᠤ ᠰᠡᠳᠬᠢᠪᠡᠢ᠃ 30ᠶᠦᠳᠠ᠋ ᠠᠨᠤ ᠢᠳᠡᠭᠡᠨ ᠢ ᠠᠪᠤᠮᠠᠭᠴᠠ ᠭᠠᠷᠪᠠᠢ᠃ ᠲᠠᠵᠢᠶᠠ ᠰᠥᠨᠢ ᠶᠢᠨ ᠴᠠᠭ ᠪᠣᠯᠤᠭᠰᠠᠨ ᠪᠥᠯᠦᠭᠡ᠃ 31ᠲᠡᠭᠦᠨ ᠦ ᠭᠠᠷᠤᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠡᠳᠦᠭᠡ ᠬᠦᠮᠦᠨ ᠲᠥᠷᠥᠯᠬᠢᠲᠦ ᠢᠨᠦ ᠴᠣᠭ ᠵᠢᠪᠬᠤᠯᠠᠩ ᠲᠤ ᠪᠣᠯᠤᠭᠰᠠᠨ ᠪᠥᠭᠡᠳ᠂ ᠪᠤᠷᠬᠠᠨ ᠠᠨᠤ ᠲᠡᠭᠦᠨ ᠢᠶᠡᠷ ᠴᠣᠭ ᠵᠢᠪᠬᠤᠯᠠᠩ ᠲᠤ ᠪᠣᠯᠪᠠᠢ᠂ 32ᠬᠡᠷᠪᠡ ᠪᠤᠷᠬᠠᠨ ᠠᠨᠤ ᠲᠡᠭᠦᠨ ᠢᠶᠡᠷ ᠴᠣᠭ ᠵᠢᠪᠬᠤᠯᠠᠩ ᠲᠤ ᠪᠣᠯᠤᠭᠰᠠᠨ ᠪᠣᠯᠪᠠᠰᠤ᠂ ᠲᠡᠷᠡ ᠢᠨᠦ ᠲᠡᠭᠦᠨ ᠢ ᠥᠪᠡᠷ ᠢᠶᠡᠷ ᠴᠣᠭ ᠵᠢᠪᠬᠤᠯᠠᠩ ᠲᠤ ᠪᠣᠯᠭᠠᠨ᠂ ᠤᠳᠠᠯ ᠦᠭᠡᠭᠦᠶ᠎ᠡ ᠲᠡᠭᠦᠨ ᠢ ᠴᠣᠭ ᠵᠢᠪᠬᠤᠯᠠᠩ ᠲᠤ ᠪᠣᠯᠭᠠᠬᠤ ᠪᠣᠯᠤᠶᠤ᠃ 33ᠬᠡᠦᠬᠡᠳ ᠮᠢᠨᠦ ᠡ᠂ ᠡᠭᠦᠨᠴᠡ ᠬᠣᠶᠢᠨᠠ ᠪᠢ ᠪᠡᠷ ᠥᠴᠦᠬᠡᠨ ᠲᠡᠳᠦᠢ ᠴᠠᠭ ᠲᠤᠷ ᠲᠠᠨ ᠯᠤᠭ᠎ᠠ ᠪᠠᠶᠢᠯᠴᠠᠬᠤ᠃ ᠲᠡᠶᠢᠨ ᠬᠦ ᠲᠠ ᠪᠡᠷ ᠨᠠᠮᠠᠶᠢ ᠪᠡᠳᠡᠷᠢᠪᠡᠴᠦ᠂ ᠮᠢᠨᠦ ᠬᠠᠮᠢᠭᠠᠰᠢ ᠣᠳᠬᠤᠢ ᠲᠡᠨᠳᠡ ᠲᠠ ᠪᠡᠷ ᠬᠦᠷᠴᠦ ᠦᠯᠦ ᠴᠢᠳᠠᠬᠤ᠂ ᠬᠡᠮᠡᠨ ᠮᠢᠨᠦ ᠶᠦᠳᠠᠲᠠᠨ ᠳᠤᠷ ᠥᠭᠦᠯᠡᠭᠰᠡᠨ ᠮᠡᠲᠦ᠂ ᠲᠡᠭᠦᠨᠴᠢᠯᠡᠨ ᠡᠳᠦᠭᠡ ᠲᠠᠨ ᠳᠤᠷ ᠴᠤ ᠥᠭᠦᠯᠡᠮᠦᠢ᠃ 34ᠪᠢ ᠪᠡᠷ ᠲᠠᠨ ᠳᠤᠷ ᠨᠢᠭᠡ ᠰᠢᠨ᠎ᠡ ᠵᠠᠬᠢᠶᠠᠨ ᠢ ᠥᠭᠭᠦᠮᠦᠢ ᠬᠡᠮᠡᠪᠡᠰᠦ᠂ ᠲᠠ ᠴᠤ ᠨᠢᠭᠡᠨ ᠨᠢᠭᠡᠨ ᠢᠶᠡᠷ ᠢᠨᠠᠭᠯᠠᠯᠴᠠᠭᠲᠤᠨ᠃ ᠮᠢᠨᠦ ᠲᠠᠨ ᠢ ᠢᠨᠠᠭᠯᠠᠭᠰᠠᠨ ᠮᠡᠲᠦ ᠪᠡᠷ ᠲᠠ ᠴᠤ ᠨᠢᠭᠡᠨ ᠨᠢᠭᠡᠨ ᠢᠶᠡᠷ ᠢᠨᠠᠭᠯᠠᠯᠴᠠᠭᠲᠤᠨ᠃ 35ᠬᠡᠷᠪᠡ ᠲᠠ ᠪᠡᠷ ᠨᠢᠭᠡᠨ ᠨᠢᠭᠡᠨ ᠢᠶᠡᠨ ᠢᠨᠠᠭᠯᠠᠯᠴᠠᠬᠤ ᠪᠥᠭᠡᠰᠦ᠂ ᠡᠭᠦᠨ ᠢᠶᠡᠷ ᠲᠠ ᠪᠡᠷ ᠮᠢᠨᠦ ᠱᠠᠪᠢᠨᠠᠷ ᠮᠥᠨ ᠬᠡᠮᠡᠨ ᠬᠠᠮᠤᠭ ᠠᠨᠤ ᠮᠡᠳᠡᠬᠦ ᠪᠤᠢ᠃ 36ᠬᠡᠮᠡᠨ ᠵᠠᠷᠯᠢᠭ ᠪᠣᠯᠤᠭᠰᠠᠨ ᠳᠤᠷ ᠰᠢᠢᠮᠣᠨ ᠹᠢᠲ᠋ᠢᠷ ᠠᠨᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠴᠢ ᠪᠡᠷ ᠬᠠᠮᠢᠭᠠᠰᠢ ᠥᠭᠡᠳᠡ ᠪᠣᠯᠤᠮᠤᠶᠤ᠃ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠮᠢᠨᠦ ᠬᠠᠮᠢᠭᠠᠰᠢ ᠥᠭᠡᠳᠡ ᠪᠣᠯᠬᠤᠢ ᠲᠡᠨᠳᠡ ᠴᠢ ᠪᠡᠷ ᠡᠳᠦᠭᠡ ᠨᠠᠮᠠᠶᠢ ᠳᠠᠭᠠᠵᠤ ᠦᠯᠦ ᠴᠢᠳᠠᠬᠤ ᠪᠣᠯᠪᠠᠴᠤ᠂ ᠬᠣᠶᠢᠨᠠ ᠨᠠᠮᠠᠶᠢ ᠳᠠᠭᠠᠬᠤ ᠪᠣᠯᠤᠶᠤ᠃ 37ᠹᠢᠲ᠋ᠢᠷ ᠠᠨᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠪᠢ ᠪᠡᠷ ᠴᠢᠮᠠᠶᠢ ᠡᠳᠦᠭᠡ ᠶᠠᠭᠤᠨ ᠤ ᠲᠤᠯᠠ ᠳᠠᠭᠠᠵᠤ ᠡᠰᠡ ᠴᠢᠳᠠᠮᠤᠶᠤ᠃ ᠪᠢ ᠪᠡᠷ ᠠᠮᠢᠨ ᠢᠶᠠᠨ ᠴᠢᠨᠦ ᠲᠤᠯᠠ ᠥᠭᠰᠦ᠃ 38ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢ ᠪᠡᠷ ᠠᠮᠢᠨ ᠢᠶᠠᠨ ᠮᠢᠨᠦ ᠲᠤᠯᠠ ᠥᠭᠬᠦ ᠪᠤᠶᠤ᠃ ᠮᠢᠨᠦ ᠴᠢᠮᠠᠳᠤᠷ ᠮᠠᠭᠠᠳᠯᠠᠨ ᠥᠭᠦᠯᠡᠬᠦᠢ ᠢᠨᠦ᠂ ᠡᠷ᠎ᠡ ᠲᠠᠬᠢᠶᠠᠨ ᠤ ᠳᠠᠭᠤᠨ ᠭᠠᠷᠬᠤᠢ ᠠᠴᠠ ᠤᠷᠢᠳᠠ ᠴᠢ ᠪᠡᠷ ᠨᠠᠮᠠᠶᠢ ᠡᠰᠡ ᠲᠠᠨᠢᠮᠤᠢ᠂ ᠬᠡᠮᠡᠨ ᠭᠤᠷᠪᠠᠨᠲᠠ ᠥᠭᠦᠯᠡᠬᠦ ᠪᠣᠯᠤᠶᠤ ᠅
Obecnie wybrane:
ᠢᠣᠸᠠᠨ 13: MB1840
Podkreślenie
Udostępnij
Kopiuj
Chcesz, aby twoje zakreślenia były zapisywane na wszystkich twoich urządzeniach? Zarejestruj się lub zaloguj
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.