Logótipo YouVersion
Ícone de pesquisa

ᠮᠠᠳᠲ᠋ᠢᠢ 1

1
ᠨᠢᠭᠡᠳᠦᠭᠡᠷ ᠪᠦᠯᠦᠭ ᠅
1᠂ ᠢᠢᠰᠦᠰ ᠬᠡᠷᠢᠰᠲ᠋ᠣᠰ ᠤᠨ ᠲᠥᠷᠥᠯ ᠦᠨ ᠨᠣᠮ ᠬᠡᠮᠡᠪᠡᠰᠦ ᠡᠶᠢᠨ᠃ 2᠂ ᠠᠪᠷᠠᠾᠠᠮ ᠠᠨᠤ ᠢᠰᠠᠭ ᠢ ᠲᠥᠷᠥᠭᠦᠯᠪᠡᠢ᠃ ᠢᠰᠠᠭ ᠠᠨᠤ ᠶᠠᠺᠣᠪ ᠢ ᠲᠥᠷᠥᠭᠦᠯᠪᠡᠢ᠃ ᠶᠠᠺᠣᠪ ᠠᠨᠤ ᠶᠦᠳᠡ᠋ ᠬᠢᠭᠡᠳ ᠲᠡᠭᠦᠨ ᠦ ᠠᠬ᠎ᠠ ᠳᠡᠭᠦᠦ ᠨᠠᠷ ᠢ ᠲᠥᠷᠥᠭᠦᠯᠪᠡᠢ᠃ 3᠂ ᠶᠦᠳᠡ᠋ ᠠᠨᠤ ᠹᠠᠷᠢᠵ ᠬᠢᠭᠡᠳ ᠵᠠ᠋ ᠷᠠ᠋ ᠶᠢ ᠲᠠᠮᠠᠷ ᠠᠴᠠ ᠲᠥᠷᠥᠭᠦᠯᠪᠡᠢ᠃ ᠹᠠᠷᠢᠵ ᠠᠨᠤ ᠢᠰᠷᠣᠮ ᠢ ᠲᠥᠷᠥᠭᠦᠯᠪᠡᠢ᠃ ᠢᠰᠷᠣᠮ ᠠᠨᠤ ᠠᠷᠠᠮ ᠢ ᠲᠥᠷᠥᠭᠦᠯᠪᠡᠢ᠃ 4᠂ ᠠᠷᠠᠮ ᠠᠨᠤ ᠠᠮᠢᠨᠠᠳᠠᠪ ᠢ ᠲᠥᠷᠥᠭᠦᠯᠪᠡᠢ᠃ ᠠᠮᠢᠨᠠᠳᠠᠪ ᠠᠨᠤ ᠨᠠ᠋ ᠠᠰᠤᠨ ᠢ ᠲᠥᠷᠥᠭᠦᠯᠪᠡᠢ᠃ ᠨᠠ᠋ ᠠᠰᠤᠨ ᠠᠨᠤ ᠰᠠᠯᠮᠣᠨ ᠢ ᠲᠥᠷᠥᠭᠦᠯᠪᠡᠢ᠃ 5᠂ ᠰᠠᠯᠮᠣᠨ ᠠᠨᠤ ᠪᠣᠸᠠᠵ ᠢ ᠷᠠᠾᠠᠪ ᠠᠴᠠ ᠲᠥᠷᠥᠭᠦᠯᠪᠡᠢ᠃ ᠪᠣᠸᠠᠵ ᠠᠨᠤ ᠣᠪᠢᠳ᠋ ᠢ ᠷᠦᠳ ᠡᠴᠡ ᠲᠥᠷᠥᠭᠦᠯᠪᠡᠢ᠃ ᠣᠪᠢᠳ᠋ ᠠᠨᠤ ᠶᠢᠰᠢ ᠶᠢ ᠲᠥᠷᠥᠭᠦᠯᠪᠡᠢ᠃ 6᠂ ᠶᠢᠰᠢ ᠠᠨᠤ ᠳ᠋ᠠᠸᠢᠳ᠋ ᠬᠠᠭᠠᠨ ᠢ ᠲᠥᠷᠥᠭᠦᠯᠪᠡᠢ᠃ ᠳ᠋ᠠᠸᠢᠳ᠋ ᠬᠠᠭᠠᠨ ᠠᠨᠤ ᠦᠷᠢᠶ᠎ᠠ ᠶᠢᠨ ᠠᠭᠰᠠᠨ ᠭᠡᠷᠭᠡᠢ ᠡᠴᠡ ᠰᠣᠯᠣᠮᠣᠨ ᠢ ᠲᠥᠷᠥᠭᠦᠯᠪᠡᠢ᠃ 7᠂ ᠰᠣᠯᠣᠮᠣᠨ ᠠᠨᠤ ᠷᠢᠾᠣᠪᠣᠸᠠᠮ ᠢ ᠲᠥᠷᠥᠭᠦᠯᠪᠡᠢ᠃ ᠷᠢᠾᠣᠪᠣᠸᠠᠮ ᠠᠨᠤ ᠠᠪᠢᠶ᠎ᠠ ᠶᠢ ᠲᠥᠷᠥᠭᠦᠯᠪᠡᠢ᠃ ᠠᠪᠢᠶ᠎ᠠ ᠠᠨᠤ ᠠᠰᠠ᠋ ᠶᠢ ᠲᠥᠷᠥᠭᠦᠯᠪᠡᠢ᠃ 8᠂ ᠠᠰᠠ᠋ ᠠᠨᠤ ᠶᠢᠾᠣᠱᠠᠹᠠᠳ ᠢ ᠲᠥᠷᠥᠭᠦᠯᠪᠡᠢ᠃ ᠶᠢᠾᠣᠱᠠᠹᠠᠳ ᠠᠨᠤ ᠶᠣᠷᠠᠮ ᠢ ᠲᠥᠷᠥᠭᠦᠯᠪᠡᠢ᠃ ᠶᠣᠷᠠᠮ ᠠᠨᠤ ᠦᠵᠢᠶ᠎ᠠ ᠶᠢ ᠲᠥᠷᠥᠭᠦᠯᠪᠡᠢ᠃ 9᠂ ᠦᠵᠢᠶ᠎ᠠ ᠠᠨᠤ ᠶᠣᠲ᠋ᠠᠮ ᠢ ᠲᠥᠷᠥᠭᠦᠯᠪᠡᠢ᠃ ᠶᠣᠲ᠋ᠠᠮ ᠠᠨᠤ ᠠᠾᠠᠵ ᠢ ᠲᠥᠷᠥᠭᠦᠯᠪᠡᠢ᠃ ᠠᠾᠠᠵ ᠠᠨᠤ ᠾᠢᠵᠢᠭᠢᠶ᠎ᠠ ᠶᠢ ᠲᠥᠷᠥᠭᠦᠯᠪᠡᠢ᠃ 10᠂ ᠾᠢᠵᠢᠭᠢᠶ᠎ᠠ ᠠᠨᠤ ᠮᠠᠨᠠᠰᠰᠢ ᠶᠢ ᠲᠥᠷᠥᠭᠦᠯᠪᠡᠢ᠃ ᠮᠠᠨᠠᠰᠰᠢ ᠠᠨᠤ ᠠᠮᠣᠨ ᠢ ᠲᠥᠷᠥᠭᠦᠯᠪᠡᠢ᠃ ᠠᠮᠣᠨ ᠠᠨᠤ ᠶᠣᠰᠢᠶ᠎ᠠ ᠶᠢ ᠲᠥᠷᠥᠭᠦᠯᠪᠡᠢ᠃ 11᠂ ᠶᠣᠰᠢᠶ᠎ᠠ ᠠᠨᠤ ᠶᠢᠺᠣᠨᠢᠶ᠎ᠠ ᠬᠢᠭᠡᠳ ᠲᠡᠭᠦᠨ ᠦ ᠠᠬ᠎ᠠ ᠳᠡᠭᠦᠦ ᠨᠠᠷ ᠢ ᠪᠠᠪᠢᠯᠣᠨ ᠳᠤᠷ ᠨᠡᠭᠦᠯᠭᠡᠭᠳᠡᠭᠰᠡᠨ ᠴᠠᠭ ᠤᠨ ᠣᠶᠢᠷ᠎ᠠ ᠲᠥᠷᠥᠭᠦᠯᠪᠡᠢ ᠅ 12᠂ ᠲᠡᠶᠢᠨ ᠬᠦ ᠪᠠᠪᠢᠯᠣᠨ ᠳᠤᠷ ᠨᠡᠭᠦᠯᠭᠡᠭᠳᠡᠭᠰᠡᠨ ᠦ ᠬᠣᠶᠢᠨᠠ ᠶᠢᠺᠣᠨᠢᠶ᠎ᠠ ᠠᠨᠤ ᠰᠠᠯᠠᠲ᠋ᠢᠶᠡᠯ ᠢ ᠲᠥᠷᠥᠭᠦᠯᠪᠡᠢ᠃ ᠰᠠᠯᠠᠲ᠋ᠢᠶᠡᠯ ᠠᠨᠤ ᠵᠤᠷᠤᠪᠠᠪᠢᠯ ᠢ ᠲᠥᠷᠥᠭᠦᠯᠪᠡᠢ᠃ 13᠂ ᠵᠤᠷᠤᠪᠠᠪᠢᠯ ᠠᠨᠤ ᠠᠪᠢᠶᠤᠢ᠌ᠳ᠋ ᠢ ᠲᠥᠷᠥᠭᠦᠯᠪᠡᠢ᠃ ᠠᠪᠢᠶᠤᠢ᠌ᠳ᠋ ᠠᠨᠤ ᠢᠯᠢᠶᠠᠺᠢᠮ ᠢ ᠲᠥᠷᠥᠭᠦᠯᠪᠡᠢ᠃ ᠢᠯᠢᠶᠠᠺᠢᠮ ᠠᠨᠤ ᠠᠵᠣᠷ ᠢ ᠲᠥᠷᠥᠭᠦᠯᠪᠡᠢ᠃ 14᠂ ᠠᠵᠣᠷ ᠠᠨᠤ ᠵᠠᠳᠣᠭ ᠢ ᠲᠥᠷᠥᠭᠦᠯᠪᠡᠢ᠃ ᠵᠠᠳᠣᠭ ᠠᠨᠤ ᠠᠺᠢᠮ ᠢ ᠲᠥᠷᠥᠭᠦᠯᠪᠡᠢ᠃ ᠠᠺᠢᠮ ᠠᠨᠤ ᠢᠯᠢᠶᠦᠢ᠌ᠳ᠋ ᠢ ᠲᠥᠷᠥᠭᠦᠯᠪᠡᠢ᠃ 15᠂ ᠢᠯᠢᠶᠦᠢ᠌ᠳ᠋ ᠢᠨᠦ ᠢᠯᠢᠶᠠᠵᠠᠷ ᠢ ᠲᠥᠷᠥᠭᠦᠯᠪᠡᠢ᠃ ᠢᠯᠢᠶᠠᠵᠠᠷ ᠠᠨᠤ ᠮᠠᠲ᠋ᠠᠨ ᠢ ᠲᠥᠷᠥᠭᠦᠯᠪᠡᠢ᠃ ᠮᠠᠲ᠋ᠠᠨ ᠠᠨᠤ ᠶᠠᠺᠣᠪ ᠢ ᠲᠥᠷᠥᠭᠦᠯᠪᠡᠢ᠃ 16᠂ ᠶᠠᠺᠣᠪ ᠠᠨᠤ ᠮᠠᠷᠢᠶ᠎ᠠ ᠶᠢᠨ ᠡᠷ᠎ᠡ ᠪᠣᠯᠤᠭᠰᠠᠨ ᠶᠣᠰᠢᠪ ᠢ ᠲᠥᠷᠥᠭᠦᠯᠪᠡᠢ᠃ ᠲᠡᠷᠡ ᠬᠦ (ᠮᠠᠷᠢᠶ᠎ᠠ) ᠠᠴᠠ ᠬᠡᠷᠢᠰᠲ᠋ᠣᠰ ᠬᠡᠮᠡᠭᠳᠡᠭᠰᠡᠨ ᠨᠢᠢᠰᠦᠰ [ᠢᠢᠰᠦᠰ] ᠢᠨᠦ ᠲᠥᠷᠥᠭᠳᠡᠪᠡᠢ ᠅ 17᠂ ᠡᠨᠡ ᠮᠡᠲᠦ ᠪᠡᠷ ᠠᠪᠷᠠᠾᠠᠮ ᠠᠴᠠ ᠳ᠋ᠠᠸᠢᠳ᠋ ᠬᠦᠷᠲᠡᠯ᠎ᠡ ᠠᠷᠪᠠᠨ ᠳᠥᠷᠪᠡᠨ ᠦᠶ᠎ᠡ ᠪᠥᠯᠦᠭᠡ᠃ ᠳ᠋ᠠᠸᠢᠳ᠋ ᠠᠴᠠ ᠪᠠᠪᠢᠯᠣᠨ ᠳᠤᠷ ᠨᠡᠭᠦᠯᠭᠡᠭᠳᠡᠭᠰᠡᠨ ᠴᠠᠭ ᠪᠣᠯᠲᠠᠯ᠎ᠠ ᠠᠷᠪᠠᠨ ᠳᠥᠷᠪᠡᠨ ᠦᠶ᠎ᠡ ᠪᠥᠯᠦᠭᠡ᠃ ᠪᠠᠰᠠ ᠪᠠᠪᠢᠯᠣᠨ ᠳᠤᠷ ᠨᠡᠭᠦᠯᠭᠡᠭᠳᠡᠭᠰᠡᠨ ᠴᠠᠭ ᠠᠴᠠ ᠬᠡᠷᠢᠰᠲ᠋ᠣᠰ ᠬᠦᠷᠲᠡᠯ᠎ᠡ ᠠᠷᠪᠠᠨ ᠳᠥᠷᠪᠡᠨ ᠦᠶ᠎ᠡ ᠪᠥᠯᠦᠭᠡ ᠅ 18᠂ ᠢᠢᠰᠦᠰ ᠬᠡᠷᠢᠰᠲ᠋ᠣᠰ ᠤᠨ ᠲᠥᠷᠥᠭᠳᠡᠭᠰᠡᠨ ᠢᠨᠦ ᠡᠶᠢᠨ ᠪᠣᠯᠤᠭᠰᠠᠨ ᠬᠡᠮᠡᠪᠡᠰᠦ᠂ ᠲᠡᠭᠦᠨ ᠦ ᠮᠠᠷᠢᠶ᠎ᠠ ᠡᠬᠡ ᠶᠢᠨ ᠶᠣᠰᠢᠪ ᠲᠤᠷ ᠬᠠᠳᠠᠮᠨᠠᠭᠳᠠᠭᠰᠠᠨ ᠳᠤᠷ᠂ ᠲᠡᠳᠡᠨ ᠦ ᠨᠥᠬᠥᠴᠡᠬᠦ ᠡᠴᠡ ᠤᠷᠢᠳᠠ ᠲᠡᠭᠦᠨ ᠦ ᠠᠷᠢᠭᠤᠨ ᠲᠣᠳᠤᠳᠬᠠᠯ ᠠᠴᠠ ᠵᠢᠷᠮᠦᠰᠦᠨ ᠪᠣᠯᠤᠭᠰᠠᠨ ᠠᠨᠤ ᠮᠡᠳᠡᠭᠳᠡᠪᠡᠢ᠃ 19᠂ ᠲᠡᠶᠢᠨ ᠪᠥᠭᠡᠳ ᠲᠡᠭᠦᠨ ᠦ ᠶᠣᠰᠢᠪ ᠲᠤᠰᠢᠶᠠᠲᠤ ᠡᠷ᠎ᠡ ᠢᠨᠦ ᠵᠥᠪ ᠲᠦ ᠠᠵᠤ᠂ ᠲᠡᠭᠦᠨ ᠢ ᠢᠴᠢᠭᠦᠯᠬᠦᠶ᠎ᠡ ᠡᠰᠡ ᠳᠤᠷᠠᠰᠢᠨ᠂ ᠨᠢᠭᠤᠴᠠ ᠪᠠᠷ ᠣᠷᠬᠢᠬᠤᠶ᠎ᠠ ᠰᠠᠨᠠᠪᠠᠢ᠃ 20᠂ ᠵᠦᠭᠡᠷ ᠲᠡᠭᠦᠨ ᠦ ᠡᠭᠦᠨ ᠢ ᠰᠠᠨᠠᠨ ᠠᠲᠠᠯ᠎ᠠ᠂ ᠮᠠᠨᠠ᠂ ᠡᠵᠡᠨ ᠦ ᠠᠩᠭᠢᠯ ᠠᠨᠤ ᠲᠡᠭᠦᠨ ᠳᠦᠷ ᠵᠡᠭᠦᠳᠦᠨ ᠢᠶᠡᠷ ᠦᠵᠡᠭᠳᠡᠨ ᠡᠶᠢᠨ᠃ ᠳ᠋ᠠᠸᠢᠳ᠋ ᠤᠨ ᠶᠣᠰᠢᠪ ᠬᠥᠪᠡᠭᠦᠨ ᠡ᠂ ᠮᠠᠷᠢᠶ᠎ᠠ ᠭᠡᠷᠭᠡᠢ ᠪᠡᠨ ᠠᠪᠬᠤᠶ᠎ᠠ ᠪᠦᠦ ᠠᠶᠤᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠳᠣᠲᠣᠷ᠎ᠠ ᠡᠬᠢᠯᠡᠭᠳᠡᠭᠰᠡᠨ ᠢᠨᠦ ᠠᠷᠢᠭᠤᠨ ᠲᠣᠳᠤᠳᠬᠠᠯ ᠠᠴᠠ ᠪᠣᠯᠤᠭᠰᠠᠨ ᠪᠤᠢ᠃ 21᠂ ᠪᠠᠰᠠ ᠲᠡᠷᠡ ᠢᠨᠦ ᠨᠢᠭᠡ ᠬᠥᠪᠡᠭᠦᠨ ᠢ ᠲᠥᠷᠥᠬᠦ ᠪᠤᠢ᠃ ᠲᠡᠭᠦᠨ ᠢ ᠢᠢᠰᠦᠰ ᠬᠡᠮᠡᠨ ᠨᠡᠷᠡᠶᠢᠳᠦᠨ ᠦᠢᠯᠡᠳ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠤᠯᠤᠰ ᠢᠶᠠᠨ ᠲᠡᠳᠡᠨ ᠦ ᠬᠢᠯᠢᠨᠴᠡᠰ ᠡᠴᠡ ᠲᠣᠨᠢᠯᠭᠠᠬᠤ ᠪᠤᠢ᠃ ᠬᠡᠮᠡᠨ ᠵᠠᠷᠯᠢᠭ ᠪᠣᠯᠪᠠᠢ᠃ 22᠂ ᠡᠵᠡᠨ ᠦ ᠹᠣᠷᠣᠹᠢᠳ ᠢᠶᠠᠷ ᠵᠠᠷᠯᠢᠭ ᠪᠣᠯᠤᠭᠰᠠᠨ ᠠᠨᠤ ᠪᠦᠲᠦᠬᠦ ᠪᠣᠯᠲᠤᠭᠠᠢ ᠬᠡᠮᠡᠨ ᠡᠨᠡ ᠴᠥᠮ ᠪᠦᠲᠦᠪᠡᠢ᠃ 23᠂ ᠵᠠᠷᠯᠢᠭ ᠠᠨᠤ ᠡᠶᠢᠨ᠃ ᠮᠠᠨᠠ᠂ ᠨᠢᠭᠡ ᠥᠬᠢᠨ ᠢᠨᠦ ᠵᠢᠷᠮᠦᠰᠦᠨ ᠪᠣᠯᠤᠭᠠᠳ᠂ ᠨᠢᠭᠡ ᠬᠥᠪᠡᠭᠦᠨ ᠢ ᠲᠥᠷᠥᠬᠦ᠃ ᠲᠡᠷᠡ ᠢᠨᠦ ᠢᠮᠠ᠋ ᠨᠦ᠊ ᠢᠯ ᠬᠡᠮᠡᠨ ᠨᠡᠷᠡᠶᠢᠳᠦᠭᠳᠡᠬᠦ ᠪᠤᠢ᠃ ᠲᠠᠶᠢᠯᠪᠤᠷᠢ ᠠᠨᠤ ᠡᠶᠢᠨ᠃ ᠪᠤᠷᠬᠠᠨ ᠠᠨᠤ ᠪᠢᠳᠡᠨ ᠯᠤᠭ᠎ᠠ ᠪᠤᠢ᠃ ᠬᠡᠮᠡᠭᠳᠡᠭᠰᠡᠨ ᠪᠥᠯᠦᠭᠡ ᠅ 24᠂ ᠲᠡᠶᠢᠨ ᠪᠥᠭᠡᠳ ᠶᠣᠰᠢᠪ ᠠᠨᠤ ᠨᠣᠶᠢᠷ ᠠᠴᠠ ᠰᠡᠷᠢᠭᠡᠳ᠂ ᠠᠩᠭᠢᠯ ᠤᠨ ᠲᠡᠭᠦᠨ ᠳᠦᠷ ᠵᠠᠬᠢᠭᠰᠠᠨ ᠮᠡᠲᠦ ᠪᠡᠷ ᠦᠢᠯᠡᠳᠴᠦ᠂ ᠭᠡᠷᠭᠡᠢ ᠪᠡᠨ ᠪᠡᠶ᠎ᠡ ᠳᠡᠭᠡᠨ ᠠᠪᠤᠪᠠᠢ᠃ 25᠂ ᠲᠡᠶᠢᠨ ᠬᠦ ᠲᠡᠭᠦᠨ ᠦ ᠲᠡᠷᠢᠭᠦᠨ ᠬᠥᠪᠡᠭᠦᠨ ᠢᠶᠡᠨ ᠲᠥᠷᠥᠲᠡᠯ᠎ᠡ ᠲᠡᠷᠡ ᠢᠨᠦ ᠲᠡᠭᠦᠨ ᠯᠦᠭᠡ ᠡᠰᠡ ᠨᠥᠬᠥᠴᠡᠪᠡᠢ᠃ ᠲᠡᠶᠢᠨ ᠪᠥᠭᠡᠳ ᠲᠡᠷᠡ ᠢᠨᠦ ᠲᠡᠭᠦᠨ ᠢ ᠢᠢᠰᠦᠰ ᠬᠡᠮᠡᠨ ᠨᠡᠷᠡᠶᠢᠳᠦᠯᠦᠭᠡ ᠅

Atualmente selecionado:

ᠮᠠᠳᠲ᠋ᠢᠢ 1: MB1840

Destaque

Partilhar

Copiar

None

Quer salvar os seus destaques em todos os seus dispositivos? Faça o seu registo ou inicie sessão