ᠮᠠᠳᠲ᠋ᠢᠢ 3
3
ᠭᠤᠷᠪᠠᠳᠤᠭᠠᠷ ᠪᠦᠯᠦᠭ ᠅
1᠂ ᠲᠡᠷᠡ ᠴᠠᠭ ᠲᠤᠷ ᠪᠠᠹᠲ᠋ᠢᠰᠯᠠᠭᠴᠢ ᠢᠣᠸᠠᠨ ᠠᠨᠤ ᠢᠷᠡᠭᠡᠳ᠂ ᠶᠦᠳᠢᠶ᠎ᠡ ᠶᠢᠨ ᠭᠣᠪᠢ᠋ ᠶᠢᠨ ᠳᠣᠲᠣᠷ᠎ᠠ ᠨᠣᠮᠯᠠᠵᠤ ᠡᠶᠢᠨ᠃ 2᠂ ᠭᠡᠮᠰᠢᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠡᠵᠡᠯᠡᠭᠦᠷᠢ ᠢᠨᠦ ᠰᠢᠳᠠᠷ ᠪᠣᠯᠪᠠᠢ᠃ ᠬᠡᠮᠡᠨ ᠥᠭᠦᠯᠡᠪᠡᠢ ᠅ 3᠂ ᠡᠨᠡ ᠬᠡᠮᠡᠪᠡᠰᠦ᠂ ᠢᠰᠢᠶᠠ ᠹᠣᠷᠣᠹᠢᠳ ᠤᠨ ᠮᠡᠳᠡᠭᠦᠯᠦᠭᠰᠡᠨ ᠪᠣᠯᠠᠢ᠃ ᠲᠡᠷᠡ ᠢᠨᠦ ᠲᠡᠭᠦᠨ ᠦ ᠤᠴᠢᠷ᠎ᠠ ᠡᠶᠢᠨ᠃ ᠭᠣᠪᠢ᠋ ᠶᠢᠨ ᠳᠣᠲᠣᠷ᠎ᠠ ᠨᠢᠭᠡᠢᠨᠦ ᠳᠠᠭᠤᠨ ᠭᠠᠷᠤᠨ᠃ ᠡᠵᠡᠨ ᠦ ᠵᠠᠮ ᠢ ᠪᠡᠯᠡᠳᠦᠨ᠂ ᠲᠡᠭᠦᠨ ᠦ ᠮᠥᠷ ᠦᠳ ᠢ ᠴᠢᠬᠡ ᠪᠣᠯᠭᠠᠭᠲᠤᠨ᠃ ᠬᠡᠮᠡᠨ ᠳᠠᠭᠤᠳᠠᠮᠤᠢ᠃ ᠬᠡᠮᠡᠭᠰᠡᠨ ᠪᠥᠯᠦᠭᠡ ᠅ 4᠂ ᠡᠨᠡ ᠬᠦ ᠢᠣᠸᠠᠨ ᠠᠨᠤ ᠲᠡᠮᠡᠭᠡᠨ ᠦ ᠨᠣᠭᠣᠣᠰᠤᠨ ᠳᠡᠪᠢᠯ ᠲᠦ ᠠᠭᠠᠳ᠃ ᠪᠡᠯᠬᠡᠭᠦᠰᠦᠨ ᠳᠡᠭᠡᠨ ᠰᠤᠷ ᠪᠦᠰᠡ ᠲᠦ ᠪᠥᠯᠦᠭᠡ᠃ ᠪᠠᠰᠠ ᠲᠡᠭᠦᠨ ᠦ ᠢᠲᠡᠭᠡᠨ ᠬᠡᠮᠡᠪᠡᠰᠦ ᠴᠠᠷᠴᠠ ᠨᠤᠭᠤᠳ ᠬᠢᠭᠡᠳ ᠵᠡᠷᠯᠢᠭ ᠪᠠᠯ ᠪᠥᠯᠦᠭᠡ ᠅ 5᠂ ᠲᠡᠨᠳᠡ ᠬᠠᠮᠤᠭ ᠶᠢᠷᠤᠰᠠᠯᠢᠮ ᠲᠠᠨ ᠬᠢᠭᠡᠳ ᠶᠦᠳᠢᠶ᠎ᠡ ᠲᠡᠨ ᠪᠠ᠂ ᠶᠣᠷᠳᠠᠨ (ᠮᠥᠷᠡᠨ) ᠦ ᠣᠷᠴᠢᠨ ᠳᠤᠷ ᠬᠠᠮᠤᠭ ᠠᠭᠴᠢᠳ ᠠᠨᠤ ᠲᠡᠭᠦᠨ ᠳᠦᠷ ᠭᠠᠷᠤᠭᠠᠳ᠃ 6᠂ ᠬᠢᠯᠢᠨᠴᠡᠰ ᠢᠶᠡᠨ ᠢᠯᠡᠷᠬᠡᠶᠢᠯᠡᠨ᠂ ᠲᠡᠭᠦᠨ ᠢᠶᠡᠷ ᠶᠣᠷᠳᠠᠨ (ᠮᠥᠷᠡᠨ) ᠦ ᠳᠣᠲᠣᠷ᠎ᠠ ᠪᠠᠹᠲ᠋ᠢᠰᠯᠠᠭᠳᠠᠪᠠᠢ ᠅ 7᠂ ᠬᠠᠷᠢᠨ ᠲᠡᠷᠡ ᠢᠨᠦ ᠤᠯᠠᠨ ᠹᠠᠷᠢᠰᠢ ᠨᠠᠷ ᠬᠢᠭᠡᠳ ᠰᠠᠳᠤᠭᠢ ᠨᠠᠷ ᠤᠨ ᠲᠡᠭᠦᠨ ᠦ ᠪᠠᠹᠲ᠋ᠢᠰᠮᠠ ᠳᠤᠷ ᠢᠷᠡᠭᠰᠡᠨ ᠢ ᠦᠵᠡᠭᠡᠳ᠂ ᠲᠡᠳᠡᠨ ᠳᠦᠷ ᠥᠭᠦᠯᠡᠷ ᠦᠨ᠃ ᠮᠣᠭᠠᠢ ᠶᠢᠨ ᠲᠥᠷᠥᠯ ᠡ᠂ ᠲᠠᠨ ᠢ ᠢᠷᠡᠬᠡ ᠡᠳᠦᠢ ᠬᠢᠯᠢᠩ ᠡᠴᠡ ᠵᠠᠶᠢᠯᠠᠭᠲᠤᠨ ᠬᠡᠮᠡᠨ ᠬᠡᠨ ᠵᠢᠭᠠᠭᠰᠠᠨ ᠪᠤᠶᠤ᠃ 8᠂ ᠲᠡᠶᠢᠮᠦ ᠶᠢᠨ ᠲᠤᠯᠠ ᠭᠡᠮᠰᠢᠯᠭᠡᠨ ᠳᠦᠷ ᠲᠡᠩᠰᠡᠭᠦᠷᠢ ᠲᠦ ᠦᠷᠡᠰ ᠢ ᠡᠭᠦᠰᠬᠡᠨ᠃ 9᠂ ᠪᠢᠳᠡ ᠪᠡᠷ ᠠᠪᠷᠠᠾᠠᠮ ᠡᠴᠢᠭᠡ ᠲᠦ ᠬᠡᠮᠡᠨ ᠳᠣᠲᠣᠷ᠎ᠠ ᠪᠠᠨ ᠥᠭᠦᠯᠡᠬᠦᠢᠡ ᠪᠦᠦ ᠰᠠᠨᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠠᠨᠤ ᠡᠳᠡ ᠴᠢᠯᠠᠭᠤᠳ ᠠᠴᠠ ᠬᠡᠦᠬᠡᠳ ᠢ ᠠᠪᠷᠠᠾᠠᠮ ᠳᠤᠷ ᠡᠭᠦᠰᠬᠡᠵᠦ ᠴᠢᠳᠠᠮᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠃ 10᠂ ᠪᠠᠰᠠ ᠡᠳᠦᠭᠡ ᠰᠦᠬᠡ ᠢᠨᠦ ᠮᠣᠳᠤᠳ ᠤᠨ ᠦᠨᠳᠦᠰᠦᠨ ᠳᠦᠷ ᠬᠡᠪᠲᠡᠨ ᠠᠮᠤᠢ᠃ ᠲᠡᠶᠢᠮᠦ ᠶᠢᠨ ᠲᠤᠯᠠ ᠠᠯᠢᠪᠠ ᠰᠠᠶᠢᠨ ᠦᠷᠡᠰ ᠢ ᠦᠯᠦ ᠡᠭᠦᠰᠬᠡᠭᠴᠢ ᠮᠣᠳᠤᠨ ᠠᠨᠤ ᠴᠠᠪᠴᠢᠭᠳᠠᠭᠠᠳ ᠭᠠᠯ ᠳᠤᠷ ᠬᠠᠶᠠᠭᠳᠠᠮᠤᠢ᠃ 11᠂ ᠪᠢ ᠬᠡᠮᠡᠪᠡᠰᠦ ᠲᠠᠨᠤ ᠭᠡᠮᠰᠢᠬᠦᠶᠢᠨ [ᠬᠦᠷᠡᠬᠦ ᠶᠢᠨ] ᠲᠤᠯᠠ ᠳᠠᠨ ᠢ ᠤᠰᠤᠨ ᠢᠶᠠᠷ ᠪᠠᠹᠲ᠋ᠢᠰᠯᠠᠮᠤᠢ᠃ ᠬᠠᠷᠢᠨ ᠮᠢᠨᠦ ᠬᠣᠶᠢᠨᠠ ᠨᠠᠳᠠᠴᠠ ᠦᠯᠡᠮᠵᠢ ᠬᠦᠴᠦ ᠲᠦ ᠨᠢᠭᠡᠨ ᠢᠷᠡᠮᠦᠢ᠃ ᠲᠡᠭᠦᠨ ᠦ ᠭᠤᠳᠤᠰᠤᠨ ᠢ ᠴᠤ ᠪᠢ ᠪᠡᠷ ᠡᠷᠭᠦᠬᠦᠢ ᠵᠣᠬᠢᠰ ᠦᠭᠡᠢ᠃ ᠲᠡᠷᠡ ᠢᠨᠦ ᠠᠷᠢᠭᠤᠨ ᠲᠣᠳᠤᠳᠬᠠᠯ ᠢᠶᠠᠷ ᠬᠢᠭᠡᠳ ᠭᠠᠯ ᠢᠶᠠᠷ ᠲᠠᠨ ᠢ ᠪᠠᠹᠲ᠋ᠢᠰᠯᠠᠬᠤ ᠪᠣᠯᠤᠶᠤ᠃ 12᠂ ᠲᠡᠭᠦᠨ ᠦ ᠬᠦᠷᠵᠡ ᠢᠨᠦ ᠲᠡᠭᠦᠨ ᠦ ᠮᠤᠲᠤᠷ ᠲᠤᠷ ᠪᠤᠢ ᠪᠥᠭᠡᠳ᠃ ᠲᠡᠷᠡ ᠴᠤ ᠦᠲᠦᠷᠮᠡᠨ ᠢᠶᠡᠨ ᠠᠷᠢᠯᠭᠠᠨ᠂ ᠲᠠᠷᠢᠶᠠᠨ ᠢᠶᠠᠨ ᠬᠠᠳᠠᠭᠠᠯᠠᠳᠠᠭ ᠭᠡᠷ ᠲᠦᠷ ᠬᠠᠳᠠᠭᠠᠯᠠᠭ᠂ ᠬᠡᠪᠡᠭ ᠢ ᠤᠨᠲᠠᠷᠠᠰᠢ ᠦᠭᠡᠢ ᠭᠠᠯ ᠢᠶᠠᠷ ᠲᠦᠯᠡᠬᠦ ᠪᠤᠢ᠃ ᠬᠡᠮᠡᠵᠦᠬᠦᠢ ᠅ 13᠂ ᠲᠡᠷᠡ ᠴᠠᠭ ᠲᠤᠷ ᠢᠢᠰᠦᠰ ᠢᠨᠦ ᠢᠣᠸᠠᠨ ᠢᠶᠠᠷ ᠪᠠᠹᠲ᠋ᠢᠰᠯᠠᠭᠳᠠᠬᠤ ᠶᠢᠨ ᠲᠤᠯᠠ ᠺᠠᠯᠢᠯᠢᠶ᠎ᠠ ᠠᠴᠠ ᠶᠣᠷᠳᠠᠨ (ᠮᠥᠷᠡᠨ)᠎ᠡ ᠲᠡᠭᠦᠨ ᠳᠦᠷ ᠣᠳᠪᠠᠢ᠃ 14᠂ ᠵᠦᠭᠡᠷ ᠢᠣᠸᠠᠨ ᠠᠨᠤ ᠲᠡᠭᠦᠨ ᠢ ᠬᠣᠷᠢᠵᠤ ᠡᠶᠢᠨ ᠥᠭᠦᠯᠡᠷᠦᠨ᠃ ᠮᠢᠨᠦ ᠴᠢᠮᠠᠪᠠᠷ ᠪᠠᠹᠲ᠋ᠢᠰᠯᠠᠭᠳᠠᠬᠤ ᠬᠡᠷᠡᠭ ᠲᠦ ᠪᠥᠭᠡᠲᠡᠯ᠎ᠡ᠂ ᠴᠢ ᠪᠡᠷ ᠨᠠᠳᠤᠷ ᠢᠷᠡᠮᠦᠶᠦ᠃ 15᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠡᠳᠦᠭᠡ ᠲᠡᠶᠢᠨ ᠪᠣᠯᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠮᠡᠲᠦ ᠪᠡᠷ ᠪᠢᠳᠡ ᠬᠠᠮᠤᠭ ᠵᠥᠪ ᠢ ᠪᠦᠲᠦᠭᠡᠬᠦ ᠶᠣᠰᠤ ᠲᠤ ᠪᠤᠢ᠃ 16᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠲᠡᠭᠦᠨᠴᠢᠯᠡᠨ ᠦᠢᠯᠡᠳᠪᠡᠢ᠃ ᠲᠡᠶᠢᠨ ᠬᠦ ᠢᠢᠰᠦᠰ ᠦᠨ ᠪᠠᠹᠲ᠋ᠢᠰᠯᠠᠭᠳᠠᠭᠰᠠᠨ ᠤ ᠬᠣᠶᠢᠨᠠ ᠤᠰᠤᠨ ᠠᠴᠠ ᠭᠠᠷᠬᠤᠢ ᠳᠤᠷ᠂ ᠮᠠᠨ᠎ᠠ ᠲᠡᠷᠡ ᠢᠨᠦ ᠣᠭᠲᠠᠷᠭᠤᠢ ᠶᠢᠨ ᠨᠡᠭᠡᠭᠳᠡᠭᠰᠡᠨ ᠪᠥᠭᠡᠳ᠂ ᠠᠷᠢᠭᠤᠨ ᠲᠣᠳᠤᠳᠬᠠᠯ ᠤᠨ ᠬᠡᠭᠦᠷᠵᠡᠭᠡᠨ᠋ᠡ ᠮᠡᠲᠦ ᠪᠠᠭᠤᠭᠠᠳ ᠲᠡᠭᠦᠨ ᠦ ᠳᠡᠭᠡᠷ᠎ᠡ ᠲᠣᠭᠲᠠᠭᠰᠠᠨ ᠢ ᠦᠵᠡᠪᠡᠢ᠃ 17᠂ ᠪᠠᠰᠠ ᠣᠭᠲᠠᠷᠭᠤᠢ ᠠᠴᠠ ᠨᠢᠭᠡ ᠳᠠᠭᠤᠨ ᠠᠨᠤ ᠡᠶᠢᠨ᠃ ᠡᠨᠡ ᠢᠨᠦ ᠮᠢᠨᠦ ᠡᠩᠬᠦᠷᠡ ᠬᠥᠪᠡᠭᠦᠨ ᠮᠥᠨ᠃ ᠲᠡᠭᠦᠨ ᠢ ᠪᠢ ᠪᠡᠷ ᠲᠠᠭᠠᠯᠠᠮᠤᠢ᠃ ᠬᠡᠮᠡᠨ ᠳᠠᠭᠤᠳᠠᠵᠤᠬᠤᠢ ᠅
Atualmente Selecionado:
ᠮᠠᠳᠲ᠋ᠢᠢ 3: MB1840
Destaque
Compartilhar
Copiar
Quer salvar seus destaques em todos os seus dispositivos? Cadastre-se ou faça o login
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.