ᠮᠠᠳᠲ᠋ᠢᠢ 1
1
ᠨᠢᠭᠡᠳᠦᠭᠡᠷ ᠪᠦᠯᠦᠭ ᠅
1᠂ ᠢᠢᠰᠦᠰ ᠬᠡᠷᠢᠰᠲ᠋ᠣᠰ ᠤᠨ ᠲᠥᠷᠥᠯ ᠦᠨ ᠨᠣᠮ ᠬᠡᠮᠡᠪᠡᠰᠦ ᠡᠶᠢᠨ᠃ 2᠂ ᠠᠪᠷᠠᠾᠠᠮ ᠠᠨᠤ ᠢᠰᠠᠭ ᠢ ᠲᠥᠷᠥᠭᠦᠯᠪᠡᠢ᠃ ᠢᠰᠠᠭ ᠠᠨᠤ ᠶᠠᠺᠣᠪ ᠢ ᠲᠥᠷᠥᠭᠦᠯᠪᠡᠢ᠃ ᠶᠠᠺᠣᠪ ᠠᠨᠤ ᠶᠦᠳᠡ᠋ ᠬᠢᠭᠡᠳ ᠲᠡᠭᠦᠨ ᠦ ᠠᠬ᠎ᠠ ᠳᠡᠭᠦᠦ ᠨᠠᠷ ᠢ ᠲᠥᠷᠥᠭᠦᠯᠪᠡᠢ᠃ 3᠂ ᠶᠦᠳᠡ᠋ ᠠᠨᠤ ᠹᠠᠷᠢᠵ ᠬᠢᠭᠡᠳ ᠵᠠ᠋ ᠷᠠ᠋ ᠶᠢ ᠲᠠᠮᠠᠷ ᠠᠴᠠ ᠲᠥᠷᠥᠭᠦᠯᠪᠡᠢ᠃ ᠹᠠᠷᠢᠵ ᠠᠨᠤ ᠢᠰᠷᠣᠮ ᠢ ᠲᠥᠷᠥᠭᠦᠯᠪᠡᠢ᠃ ᠢᠰᠷᠣᠮ ᠠᠨᠤ ᠠᠷᠠᠮ ᠢ ᠲᠥᠷᠥᠭᠦᠯᠪᠡᠢ᠃ 4᠂ ᠠᠷᠠᠮ ᠠᠨᠤ ᠠᠮᠢᠨᠠᠳᠠᠪ ᠢ ᠲᠥᠷᠥᠭᠦᠯᠪᠡᠢ᠃ ᠠᠮᠢᠨᠠᠳᠠᠪ ᠠᠨᠤ ᠨᠠ᠋ ᠠᠰᠤᠨ ᠢ ᠲᠥᠷᠥᠭᠦᠯᠪᠡᠢ᠃ ᠨᠠ᠋ ᠠᠰᠤᠨ ᠠᠨᠤ ᠰᠠᠯᠮᠣᠨ ᠢ ᠲᠥᠷᠥᠭᠦᠯᠪᠡᠢ᠃ 5᠂ ᠰᠠᠯᠮᠣᠨ ᠠᠨᠤ ᠪᠣᠸᠠᠵ ᠢ ᠷᠠᠾᠠᠪ ᠠᠴᠠ ᠲᠥᠷᠥᠭᠦᠯᠪᠡᠢ᠃ ᠪᠣᠸᠠᠵ ᠠᠨᠤ ᠣᠪᠢᠳ᠋ ᠢ ᠷᠦᠳ ᠡᠴᠡ ᠲᠥᠷᠥᠭᠦᠯᠪᠡᠢ᠃ ᠣᠪᠢᠳ᠋ ᠠᠨᠤ ᠶᠢᠰᠢ ᠶᠢ ᠲᠥᠷᠥᠭᠦᠯᠪᠡᠢ᠃ 6᠂ ᠶᠢᠰᠢ ᠠᠨᠤ ᠳ᠋ᠠᠸᠢᠳ᠋ ᠬᠠᠭᠠᠨ ᠢ ᠲᠥᠷᠥᠭᠦᠯᠪᠡᠢ᠃ ᠳ᠋ᠠᠸᠢᠳ᠋ ᠬᠠᠭᠠᠨ ᠠᠨᠤ ᠦᠷᠢᠶ᠎ᠠ ᠶᠢᠨ ᠠᠭᠰᠠᠨ ᠭᠡᠷᠭᠡᠢ ᠡᠴᠡ ᠰᠣᠯᠣᠮᠣᠨ ᠢ ᠲᠥᠷᠥᠭᠦᠯᠪᠡᠢ᠃ 7᠂ ᠰᠣᠯᠣᠮᠣᠨ ᠠᠨᠤ ᠷᠢᠾᠣᠪᠣᠸᠠᠮ ᠢ ᠲᠥᠷᠥᠭᠦᠯᠪᠡᠢ᠃ ᠷᠢᠾᠣᠪᠣᠸᠠᠮ ᠠᠨᠤ ᠠᠪᠢᠶ᠎ᠠ ᠶᠢ ᠲᠥᠷᠥᠭᠦᠯᠪᠡᠢ᠃ ᠠᠪᠢᠶ᠎ᠠ ᠠᠨᠤ ᠠᠰᠠ᠋ ᠶᠢ ᠲᠥᠷᠥᠭᠦᠯᠪᠡᠢ᠃ 8᠂ ᠠᠰᠠ᠋ ᠠᠨᠤ ᠶᠢᠾᠣᠱᠠᠹᠠᠳ ᠢ ᠲᠥᠷᠥᠭᠦᠯᠪᠡᠢ᠃ ᠶᠢᠾᠣᠱᠠᠹᠠᠳ ᠠᠨᠤ ᠶᠣᠷᠠᠮ ᠢ ᠲᠥᠷᠥᠭᠦᠯᠪᠡᠢ᠃ ᠶᠣᠷᠠᠮ ᠠᠨᠤ ᠦᠵᠢᠶᠠ ᠶᠢ ᠲᠥᠷᠥᠭᠦᠯᠪᠡᠢ᠃ 9᠂ ᠦᠵᠢᠶᠠ ᠠᠨᠤ ᠶᠣᠲ᠋ᠠᠮ ᠢ ᠲᠥᠷᠥᠭᠦᠯᠪᠡᠢ᠃ ᠶᠣᠲ᠋ᠠᠮ ᠠᠨᠤ ᠠᠾᠠᠵ ᠢ ᠲᠥᠷᠥᠭᠦᠯᠪᠡᠢ᠃ ᠠᠾᠠᠵ ᠠᠨᠤ ᠾᠢᠵᠢᠭᠢᠶᠠ ᠶᠢ ᠲᠥᠷᠥᠭᠦᠯᠪᠡᠢ᠃ 10᠂ ᠾᠢᠵᠢᠭᠢᠶᠠ ᠠᠨᠤ ᠮᠠᠨᠠᠰᠰᠢ ᠶᠢ ᠲᠥᠷᠥᠭᠦᠯᠪᠡᠢ᠃ ᠮᠠᠨᠠᠰᠰᠢ ᠠᠨᠤ ᠠᠮᠣᠨ ᠢ ᠲᠥᠷᠥᠭᠦᠯᠪᠡᠢ᠃ ᠠᠮᠣᠨ ᠠᠨᠤ ᠶᠣᠰᠢᠶ᠎ᠠ ᠶᠢ ᠲᠥᠷᠥᠭᠦᠯᠪᠡᠢ᠃ 11᠂ ᠶᠣᠰᠢᠶ᠎ᠠ ᠠᠨᠤ ᠶᠢᠺᠣᠨᠢᠶᠠ ᠬᠢᠭᠡᠳ ᠲᠡᠭᠦᠨ ᠦ ᠠᠬ᠎ᠠ ᠳᠡᠭᠦᠦ ᠨᠠᠷ ᠢ ᠪᠠᠪᠢᠯᠣᠨ ᠳᠤᠷ ᠨᠡᠭᠦᠯᠭᠡᠭᠳᠡᠭᠰᠡᠨ ᠴᠠᠭ ᠤᠨ ᠣᠶᠢᠷ᠎ᠠ ᠲᠥᠷᠥᠭᠦᠯᠪᠡᠢ ᠅ 12᠂ ᠲᠡᠶᠢᠨ ᠬᠦ ᠪᠠᠪᠢᠯᠣᠨ ᠳᠤᠷ ᠨᠡᠭᠦᠯᠭᠡᠭᠳᠡᠭᠰᠡᠨ ᠦ ᠬᠣᠶᠢᠨᠠ ᠶᠢᠺᠣᠨᠢᠶᠠ ᠠᠨᠤ ᠰᠠᠯᠠᠲ᠋ᠢᠶᠡᠯ ᠢ ᠲᠥᠷᠥᠭᠦᠯᠪᠡᠢ᠃ ᠰᠠᠯᠠᠲ᠋ᠢᠶᠡᠯ ᠠᠨᠤ ᠵᠤᠷᠤᠪᠠᠪᠢᠯ ᠢ ᠲᠥᠷᠥᠭᠦᠯᠪᠡᠢ᠃ 13᠂ ᠵᠤᠷᠤᠪᠠᠪᠢᠯ ᠠᠨᠤ ᠠᠪᠢᠶᠤᠢ᠌ᠳ᠋ ᠢ ᠲᠥᠷᠥᠭᠦᠯᠪᠡᠢ᠃ ᠠᠪᠢᠶᠤᠢ᠌ᠳ᠋ ᠠᠨᠤ ᠢᠯᠢᠶᠠᠺᠢᠮ ᠢ ᠲᠥᠷᠥᠭᠦᠯᠪᠡᠢ᠃ ᠢᠯᠢᠶᠠᠺᠢᠮ ᠠᠨᠤ ᠠᠵᠣᠷ ᠢ ᠲᠥᠷᠥᠭᠦᠯᠪᠡᠢ᠃ 14᠂ ᠠᠵᠣᠷ ᠠᠨᠤ ᠵᠠᠳᠣᠭ ᠢ ᠲᠥᠷᠥᠭᠦᠯᠪᠡᠢ᠃ ᠵᠠᠳᠣᠭ ᠠᠨᠤ ᠠᠺᠢᠮ ᠢ ᠲᠥᠷᠥᠭᠦᠯᠪᠡᠢ᠃ ᠠᠺᠢᠮ ᠠᠨᠤ ᠢᠯᠢᠶᠦᠢ᠌ᠳ᠋ ᠢ ᠲᠥᠷᠥᠭᠦᠯᠪᠡᠢ᠃ 15᠂ ᠢᠯᠢᠶᠦᠢ᠌ᠳ᠋ ᠢᠨᠦ ᠢᠯᠢᠶᠠᠵᠠᠷ ᠢ ᠲᠥᠷᠥᠭᠦᠯᠪᠡᠢ᠃ ᠢᠯᠢᠶᠠᠵᠠᠷ ᠠᠨᠤ ᠮᠠᠲ᠋ᠠᠨ ᠢ ᠲᠥᠷᠥᠭᠦᠯᠪᠡᠢ᠃ ᠮᠠᠲ᠋ᠠᠨ ᠠᠨᠤ ᠶᠠᠺᠣᠪ ᠢ ᠲᠥᠷᠥᠭᠦᠯᠪᠡᠢ᠃ 16᠂ ᠶᠠᠺᠣᠪ ᠠᠨᠤ ᠮᠠᠷᠢᠶ᠎ᠠ ᠶᠢᠨ ᠡᠷ᠎ᠡ ᠪᠣᠯᠤᠭᠰᠠᠨ ᠶᠣᠰᠢᠪ ᠢ ᠲᠥᠷᠥᠭᠦᠯᠪᠡᠢ᠃ ᠲᠡᠷᠡ ᠬᠦ (ᠮᠠᠷᠢᠶ᠎ᠠ) ᠠᠴᠠ ᠬᠡᠷᠢᠰᠲ᠋ᠣᠰ ᠬᠡᠮᠡᠭᠳᠡᠭᠰᠡᠨ ᠨᠢᠢᠰᠦᠰ [ᠢᠢᠰᠦᠰ] ᠢᠨᠦ ᠲᠥᠷᠥᠭᠳᠡᠪᠡᠢ ᠅ 17᠂ ᠡᠨᠡ ᠮᠡᠲᠦ ᠪᠡᠷ ᠠᠪᠷᠠᠾᠠᠮ ᠠᠴᠠ ᠳ᠋ᠠᠸᠢᠳ᠋ ᠬᠦᠷᠲᠡᠯ᠎ᠡ ᠠᠷᠪᠠᠨ ᠳᠥᠷᠪᠡᠨ ᠦᠶ᠎ᠡ ᠪᠥᠯᠦᠭᠡ᠃ ᠳ᠋ᠠᠸᠢᠳ᠋ ᠠᠴᠠ ᠪᠠᠪᠢᠯᠣᠨ ᠳᠤᠷ ᠨᠡᠭᠦᠯᠭᠡᠭᠳᠡᠭᠰᠡᠨ ᠴᠠᠭ ᠪᠣᠯᠲᠠᠯ᠎ᠠ ᠠᠷᠪᠠᠨ ᠳᠥᠷᠪᠡᠨ ᠦᠶ᠎ᠡ ᠪᠥᠯᠦᠭᠡ᠃ ᠪᠠᠰᠠ ᠪᠠᠪᠢᠯᠣᠨ ᠳᠤᠷ ᠨᠡᠭᠦᠯᠭᠡᠭᠳᠡᠭᠰᠡᠨ ᠴᠠᠭ ᠠᠴᠠ ᠬᠡᠷᠢᠰᠲ᠋ᠣᠰ ᠬᠦᠷᠲᠡᠯ᠎ᠡ ᠠᠷᠪᠠᠨ ᠳᠥᠷᠪᠡᠨ ᠦᠶ᠎ᠡ ᠪᠥᠯᠦᠭᠡ ᠅ 18᠂ ᠢᠢᠰᠦᠰ ᠬᠡᠷᠢᠰᠲ᠋ᠣᠰ ᠤᠨ ᠲᠥᠷᠥᠭᠳᠡᠭᠰᠡᠨ ᠢᠨᠦ ᠡᠶᠢᠨ ᠪᠣᠯᠤᠭᠰᠠᠨ ᠬᠡᠮᠡᠪᠡᠰᠦ᠂ ᠲᠡᠭᠦᠨ ᠦ ᠮᠠᠷᠢᠶ᠎ᠠ ᠡᠬᠡ ᠶᠢᠨ ᠶᠣᠰᠢᠪ ᠲᠤᠷ ᠬᠠᠳᠠᠮᠨᠠᠭᠳᠠᠭᠰᠠᠨ ᠳᠤᠷ᠂ ᠲᠡᠳᠡᠨ ᠦ ᠨᠥᠬᠥᠴᠡᠬᠦ ᠡᠴᠡ ᠤᠷᠢᠳᠠ ᠲᠡᠭᠦᠨ ᠦ ᠠᠷᠢᠭᠤᠨ ᠲᠣᠳᠤᠳᠬᠠᠯ ᠠᠴᠠ ᠵᠢᠷᠮᠦᠰᠦᠨ ᠪᠣᠯᠤᠭᠰᠠᠨ ᠠᠨᠤ ᠮᠡᠳᠡᠭᠳᠡᠪᠡᠢ᠃ 19᠂ ᠲᠡᠶᠢᠨ ᠪᠥᠭᠡᠳ ᠲᠡᠭᠦᠨ ᠦ ᠶᠣᠰᠢᠪ ᠲᠤᠰᠢᠶᠠᠲᠤ ᠡᠷ᠎ᠡ ᠢᠨᠦ ᠵᠥᠪ ᠲᠦ ᠠᠵᠤ᠂ ᠲᠡᠭᠦᠨ ᠢ ᠢᠴᠢᠭᠦᠯᠬᠦᠶᠡ ᠡᠰᠡ ᠳᠤᠷᠠᠰᠢᠨ᠂ ᠨᠢᠭᠤᠴᠠ ᠪᠠᠷ ᠣᠷᠬᠢᠬᠤᠶᠠ ᠰᠠᠨᠠᠪᠠᠢ᠃ 20᠂ ᠵᠦᠭᠡᠷ ᠲᠡᠭᠦᠨ ᠦ ᠡᠭᠦᠨ ᠢ ᠰᠠᠨᠠᠨ ᠠᠲᠠᠯ᠎ᠠ᠂ ᠮᠠᠨ᠎ᠠ᠂ ᠡᠵᠡᠨ ᠦ ᠠᠩᠭᠢᠯ ᠠᠨᠤ ᠲᠡᠭᠦᠨ ᠳᠦᠷ ᠵᠡᠭᠦᠳᠦᠨ ᠢᠶᠡᠷ ᠦᠵᠡᠭᠳᠡᠨ ᠡᠶᠢᠨ᠃ ᠳ᠋ᠠᠸᠢᠳ᠋ ᠤᠨ ᠶᠣᠰᠢᠪ ᠬᠥᠪᠡᠭᠦᠨ ᠡ᠂ ᠮᠠᠷᠢᠶ᠎ᠠ ᠭᠡᠷᠭᠡᠢ ᠪᠡᠨ ᠠᠪᠬᠤᠶ᠎ᠠ ᠪᠦᠦ ᠠᠶᠤᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠳᠣᠲᠣᠷ᠎ᠠ ᠡᠬᠢᠯᠡᠭᠳᠡᠭᠰᠡᠨ ᠢᠨᠦ ᠠᠷᠢᠭᠤᠨ ᠲᠣᠳᠤᠳᠬᠠᠯ ᠠᠴᠠ ᠪᠣᠯᠤᠭᠰᠠᠨ ᠪᠤᠢ᠃ 21᠂ ᠪᠠᠰᠠ ᠲᠡᠷᠡ ᠢᠨᠦ ᠨᠢᠭᠡ ᠬᠥᠪᠡᠭᠦᠨ ᠢ ᠲᠥᠷᠥᠬᠦ ᠪᠤᠢ᠃ ᠲᠡᠭᠦᠨ ᠢ ᠢᠢᠰᠦᠰ ᠬᠡᠮᠡᠨ ᠨᠡᠷᠡᠶᠢᠳᠦᠨ ᠦᠢᠯᠡᠳ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠤᠯᠤᠰ ᠢᠶᠠᠨ ᠲᠡᠳᠡᠨ ᠦ ᠬᠢᠯᠢᠨᠴᠡᠰ ᠡᠴᠡ ᠲᠣᠨᠢᠯᠭᠠᠬᠤ ᠪᠤᠢ᠃ ᠬᠡᠮᠡᠨ ᠵᠠᠷᠯᠢᠭ ᠪᠣᠯᠪᠠᠢ᠃ 22᠂ ᠡᠵᠡᠨ ᠦ ᠹᠣᠷᠣᠹᠢᠳ ᠢᠶᠠᠷ ᠵᠠᠷᠯᠢᠭ ᠪᠣᠯᠤᠭᠰᠠᠨ ᠠᠨᠤ ᠪᠦᠲᠦᠬᠦ ᠪᠣᠯᠲᠤᠭᠠᠢ ᠬᠡᠮᠡᠨ ᠡᠨᠡ ᠴᠥᠮ ᠪᠦᠲᠦᠪᠡᠢ᠃ 23᠂ ᠵᠠᠷᠯᠢᠭ ᠠᠨᠤ ᠡᠶᠢᠨ᠃ ᠮᠠᠨ᠎ᠠ᠂ ᠨᠢᠭᠡ ᠥᠬᠢᠨ ᠢᠨᠦ ᠵᠢᠷᠮᠦᠰᠦᠨ ᠪᠣᠯᠤᠭᠠᠳ᠂ ᠨᠢᠭᠡ ᠬᠥᠪᠡᠭᠦᠨ ᠢ ᠲᠥᠷᠥᠬᠦ᠃ ᠲᠡᠷᠡ ᠢᠨᠦ ᠢᠮᠠ᠋ ᠨᠦ᠊ ᠢᠯ ᠬᠡᠮᠡᠨ ᠨᠡᠷᠡᠶᠢᠳᠦᠭᠳᠡᠬᠦ ᠪᠤᠢ᠃ ᠲᠠᠶᠢᠯᠪᠤᠷᠢ ᠠᠨᠤ ᠡᠶᠢᠨ᠃ ᠪᠤᠷᠬᠠᠨ ᠠᠨᠤ ᠪᠢᠳᠡᠨ ᠯᠤᠭ᠎ᠠ ᠪᠤᠢ᠃ ᠬᠡᠮᠡᠭᠳᠡᠭᠰᠡᠨ ᠪᠥᠯᠦᠭᠡ ᠅ 24᠂ ᠲᠡᠶᠢᠨ ᠪᠥᠭᠡᠳ ᠶᠣᠰᠢᠪ ᠠᠨᠤ ᠨᠣᠶᠢᠷ ᠠᠴᠠ ᠰᠡᠷᠢᠭᠡᠳ᠂ ᠠᠩᠭᠢᠯ ᠤᠨ ᠲᠡᠭᠦᠨ ᠳᠦᠷ ᠵᠠᠬᠢᠭᠰᠠᠨ ᠮᠡᠲᠦ ᠪᠡᠷ ᠦᠢᠯᠡᠳᠴᠦ᠂ ᠭᠡᠷᠭᠡᠢ ᠪᠡᠨ ᠪᠡᠶ᠎ᠡ ᠳᠡᠭᠡᠨ ᠠᠪᠤᠪᠠᠢ᠃ 25᠂ ᠲᠡᠶᠢᠨ ᠬᠦ ᠲᠡᠭᠦᠨ ᠦ ᠲᠡᠷᠢᠭᠦᠨ ᠬᠥᠪᠡᠭᠦᠨ ᠢᠶᠡᠨ ᠲᠥᠷᠥᠲᠡᠯᠡ ᠲᠡᠷᠡ ᠢᠨᠦ ᠲᠡᠭᠦᠨ ᠯᠦᠭᠡ ᠡᠰᠡ ᠨᠥᠬᠥᠴᠡᠪᠡᠢ᠃ ᠲᠡᠶᠢᠨ ᠪᠥᠭᠡᠳ ᠲᠡᠷᠡ ᠢᠨᠦ ᠲᠡᠭᠦᠨ ᠢ ᠢᠢᠰᠦᠰ ᠬᠡᠮᠡᠨ ᠨᠡᠷᠡᠶᠢᠳᠦᠯᠦᠭᠡ ᠅
Выбрано:
ᠮᠠᠳᠲ᠋ᠢᠢ 1: MB1840
Выделить
Поделиться
Копировать
Хотите, чтобы то, что вы выделили, сохранялось на всех ваших устройствах? Зарегистрируйтесь или авторизуйтесь
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.