ᠮᠠᠳᠲ᠋ᠢᠢ 10

10
ᠠᠷᠪᠠᠳᠤᠭᠠᠷ ᠪᠦᠯᠦᠭ ᠅
1᠂ ᠲᠡᠶᠢᠨ ᠪᠥᠭᠡᠳ (ᠢᠢᠰᠦᠰ) ᠢᠨᠦ ᠠᠷᠪᠠᠨ ᠬᠣᠶᠠᠷ ᠱᠠᠪᠢ ᠶᠢ ᠳᠠᠭᠤᠳᠠᠭᠠᠳ᠂ ᠪᠤᠵᠠᠷ ᠴᠢᠳᠬᠦᠳ ᠢ ᠵᠠᠶᠢᠯᠠᠭᠤᠯᠬᠤᠢ ᠬᠢᠭᠡᠳ ᠠᠯᠢᠪᠠ ᠡᠪᠡᠳᠴᠢᠨ ᠪᠠ ᠠᠯᠢᠪᠠ ᠥᠯᠪᠡᠷ ᠢ ᠡᠳᠡᠭᠡᠭᠡᠬᠦᠢ ᠡᠷᠬᠡ ᠶᠢ ᠲᠡᠳᠡᠨ ᠳᠦᠷ ᠥᠭᠪᠡᠢ ᠅ 2᠂ ᠠᠷᠪᠠᠨ ᠬᠣᠶᠠᠷ ᠠᠹᠣᠰᠲ᠋ᠣᠯ ᠤᠨ ᠨᠡᠷᠡᠰ ᠬᠡᠮᠡᠪᠡᠰᠦ ᠡᠶᠢᠨ᠃ ᠲᠡᠷᠢᠭᠦᠨ ᠢᠨᠦ ᠹᠢᠲ᠋ᠢᠷ ᠬᠡᠮᠡᠭᠳᠡᠭᠴᠢ ᠰᠢᠢᠮᠤᠨ ᠬᠢᠭᠡᠳ ᠲᠡᠭᠦᠨ ᠦ ᠠᠨᠳᠠᠷᠢ ᠳᠡᠭᠦᠦ ᠪᠠ᠃ ᠵᠢᠪᠢᠳᠢᠢ ᠶᠢᠨ ᠶᠠᠺᠣᠪ ᠬᠢᠭᠡᠳ ᠲᠡᠭᠦᠨ ᠦ ᠢᠣᠸᠠᠨ ᠳᠡᠭᠦᠦ ᠪᠠ᠃ 3᠂ ᠹᠢᠯᠢᠪ ᠬᠢᠭᠡᠳ ᠪᠠᠷᠲ᠋ᠣᠯᠣᠮᠢ ᠪᠠ᠃ ᠲᠾᠣᠮᠠ᠋ ᠬᠢᠭᠡᠳ ᠮᠠᠳᠲ᠋ᠢᠢ ᠠᠪᠤᠯᠭᠠᠴᠢ ᠪᠠ᠃ ᠠᠯᠹᠢᠶ ᠶᠢᠨ ᠶᠠᠺᠣᠪ ᠬᠢᠭᠡᠳ ᠲᠾᠠᠲᠢ ᠬᠡᠮᠡᠭᠳᠡᠭᠴᠢ ᠯᠢᠪᠢᠶ ᠪᠠ᠃ 4᠂ ᠬᠠᠨᠠᠸᠠᠨ ᠤ ᠠᠶᠢᠮᠠᠭ ᠲᠤ ᠰᠢᠢᠮᠣᠨ ᠬᠢᠭᠡᠳ ᠪᠠᠷᠢᠭᠤᠯᠤᠭᠴᠢ ᠪᠣᠯᠤᠭᠰᠠᠨ ᠶᠦᠳᠡ᠋ ᠢᠰᠺᠠᠷᠢᠶᠣᠳ ᠪᠥᠯᠦᠭᠡ ᠅ 5᠂ ᠡᠳᠡ ᠠᠷᠪᠠᠨ ᠬᠣᠶᠠᠷ ᠢ ᠢᠢᠰᠦᠰ ᠢᠨᠦ ᠢᠯᠡᠭᠡᠵᠦ ᠲᠡᠳᠡᠨ ᠳᠦᠷ ᠡᠶᠢᠨ ᠵᠠᠬᠢᠷᠤᠨ᠃ ᠪᠠᠯᠠᠢ ᠨᠣᠮ ᠲᠠᠨ ᠤ ᠵᠠᠮ ᠢᠶᠠᠷ ᠦᠯᠦ ᠶᠠᠪᠤᠨ᠂ ᠰᠠᠮᠠᠷᠢᠶ᠎ᠠ ᠲᠠᠨ ᠤ (ᠠᠯᠢᠪᠠ) ᠪᠠᠯᠭᠠᠰᠤᠨ ᠳᠤᠷ ᠪᠦᠦ ᠣᠷᠣᠭᠲᠤᠨ᠃ 6᠂ ᠵᠦᠭᠡᠷ ᠢᠰᠷᠠᠶᠢᠯ ᠤᠨ ᠭᠡᠷ ᠦᠨ ᠭᠡᠭᠡᠭᠳᠡᠭᠰᠡᠨ ᠬᠣᠨᠢᠳ ᠲᠤᠷ ᠣᠳᠤᠭᠲᠤᠨ᠃ 7᠂ ᠲᠠ ᠪᠡᠷ ᠣᠳᠬᠤᠢ ᠳᠠᠭᠠᠨ ᠡᠶᠢᠨ᠃ ᠣᠭᠲᠠᠷᠭᠤᠢ ᠶᠢᠨ ᠡᠵᠡᠯᠡᠭᠦᠷᠢ ᠢᠨᠦ ᠰᠢᠳᠠᠷᠳᠠᠪᠠᠢ᠃ ᠬᠡᠮᠡᠨ ᠳᠡᠯᠭᠡᠷᠡᠭᠦᠯᠦᠭᠲᠦᠨ᠃ 8᠂ ᠡᠪᠡᠳᠴᠢᠳᠡᠨ ᠢ ᠡᠳᠡᠭᠡᠭᠡᠨ᠂ ᠪᠤᠵᠠᠷ ᠪᠤᠰᠠᠷᠠᠭ ᠡᠪᠡᠳᠴᠢᠳᠡᠨ ᠢ ᠠᠷᠢᠯᠭᠠᠨ᠂ ᠦᠬᠦᠭᠰᠡᠳ ᠢ ᠠᠮᠢᠳᠤᠷᠠᠭᠤᠯᠤᠨ᠂ ᠴᠢᠳᠬᠦᠳ ᠢ ᠵᠠᠶᠢᠯᠠᠭᠤᠯᠤᠭᠲᠤᠨ᠃ ᠲᠠ ᠪᠡᠷ ᠲᠥᠯᠦᠭᠡᠰᠦᠨ ᠦᠭᠡᠢ ᠪᠡᠷ ᠠᠪᠤᠪᠠᠢ᠃ ᠲᠥᠯᠦᠭᠡᠰᠦᠨ ᠦᠭᠡᠢ ᠪᠡᠷ ᠴᠤ ᠥᠭᠭᠦᠭᠲᠦᠨ᠃ 9᠂ ᠲᠠ ᠪᠡᠷ ᠪᠦᠰᠡ ᠳᠡᠭᠡᠨ ᠠᠯᠲᠠᠨ ᠴᠤ ᠮᠥᠩᠭᠦᠨ ᠴᠤ ᠵᠡᠰ ᠢ ᠴᠤ ᠦᠯᠦ ᠠᠪᠤᠨ᠃ 10᠂ ᠵᠠᠮ ᠳᠤᠷ ᠤᠭᠤᠲᠠ ᠪᠤᠶᠤ ᠬᠣᠶᠠᠷ ᠳᠡᠪᠢᠯ ᠪᠤᠶᠤ ᠭᠤᠲᠤᠯ ᠪᠤᠶᠤ ᠲᠠᠶᠠᠭ ᠢ ᠪᠦᠦ ᠠᠪᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠬᠥᠳᠦᠯᠮᠦᠷᠴᠢ ᠢᠨᠦ ᠲᠡᠵᠢᠭᠡᠯ ᠢ ᠣᠯᠬᠤ ᠲᠡᠩᠰᠡᠭᠦᠷᠢ ᠲᠦ ᠪᠤᠢ᠃ 11᠂ ᠲᠠ ᠪᠡᠷ ᠠᠯᠢᠪᠠ ᠴᠤ ᠪᠠᠯᠭᠠᠰᠤᠨ ᠡᠰᠡᠪᠡᠰᠦ ᠬᠤᠳᠠᠨ ᠳᠤᠷ ᠣᠷᠣᠬᠤᠢ ᠳᠤᠷ ᠢᠶᠠᠨ ᠲᠡᠭᠦᠨ ᠦ ᠳᠣᠲᠣᠷ᠎ᠠ ᠬᠡᠨ ᠲᠡᠩᠰᠡᠭᠦᠷᠢ ᠲᠦ ᠠᠬᠤᠢ ᠶᠢ ᠠᠰᠠᠭᠤᠭᠠᠳ᠃ ᠲᠡᠨᠳᠡᠴᠡ ᠭᠠᠷᠲᠠᠯ᠎ᠠ ᠲᠡᠨᠳᠡ ᠪᠠᠶᠢᠭᠲᠤᠨ᠃ 12᠂ ᠪᠠᠰᠠ ᠲᠠ ᠪᠡᠷ ᠭᠡᠷ ᠲᠦᠷ ᠣᠷᠣᠬᠤᠯᠠ ᠲᠡᠭᠦᠨ ᠢ ᠢᠷᠦᠭᠡᠭᠲᠦᠨ᠃ 13᠂ ᠲᠡᠶᠢᠨ ᠬᠦ ᠬᠡᠷᠪᠡ ᠲᠡᠷᠡ ᠭᠡᠷ ᠢᠨᠦ ᠲᠡᠩᠰᠡᠭᠦᠷᠢ ᠲᠦ ᠪᠣᠯᠬᠤ ᠪᠥᠭᠡᠰᠦ᠂ ᠲᠠᠨ ᠤ ᠢᠷᠦᠭᠡᠯ ᠢᠨᠦ ᠲᠡᠭᠦᠨ ᠦ ᠳᠡᠭᠡᠷ᠎ᠡ ᠲᠣᠭᠲᠠᠬᠤ ᠪᠣᠯᠲᠤᠭᠠᠢ᠃ ᠵᠦᠭᠡᠷ ᠬᠡᠷᠪᠡ ᠲᠡᠩᠰᠡᠭᠦᠷᠢ ᠲᠦ ᠪᠤᠰᠤ ᠪᠥᠭᠡᠰᠦ᠂ ᠲᠠᠨ ᠤ ᠢᠷᠦᠭᠡᠯ ᠢᠨᠦ ᠲᠠᠨ ᠳᠤᠷ ᠪᠴᠴᠠᠬᠤ ᠪᠣᠯᠲᠤᠭᠠᠢ᠃ 14᠂ ᠪᠠᠰᠠ ᠠᠯᠢ ᠬᠡᠨ ᠪᠡᠷ ᠲᠠᠨ ᠢ ᠲᠣᠭᠲᠠᠭᠠᠵᠤ ᠦᠯᠦ ᠠᠪᠤᠨ᠂ ᠲᠠᠨᠤ ᠦᠭᠡᠰ ᠢ ᠦᠯᠦ ᠰᠣᠨᠣᠰᠬᠤ ᠪᠥᠭᠡᠰᠦ ᠡᠯ᠎ᠡ᠂ ᠲᠡᠷᠡ ᠬᠦ ᠭᠡᠷ ᠡᠴᠡ ᠡᠰᠡᠪᠡᠰᠦ ᠪᠠᠯᠭᠠᠰᠤᠨ ᠠᠴᠠ ᠭᠠᠷᠬᠤᠢ ᠳᠤᠷ ᠢᠶᠠᠨ᠂ ᠲᠠᠨᠤ ᠬᠥᠯ ᠳᠦᠷ ᠬᠠᠯᠳᠠᠭᠰᠠᠨ ᠲᠣᠭᠤᠰᠤᠨ ᠢ ᠰᠡᠭᠰᠦᠷᠦᠭᠲᠦᠨ᠃ 15᠂ ᠰᠢᠭᠦᠪᠦᠷᠢᠨ ᠦ ᠡᠳᠦᠷ᠎ᠡ ᠲᠡᠷᠡ ᠬᠦ ᠪᠠᠯᠭᠠᠰᠤᠨ ᠠᠴᠠ ᠰᠣᠳᠣᠮ ᠬᠢᠭᠡᠳ ᠺᠣᠮᠣᠷ᠎ᠠ ᠭᠠᠵᠠᠳ ᠲᠤᠷ ᠬᠥᠩᠭᠡᠨ ᠪᠣᠯᠬᠤ ᠪᠣᠯᠤᠶᠤ᠂ ᠬᠡᠮᠡᠨ ᠪᠢ ᠪᠡᠷ ᠲᠠᠨᠳᠤᠷ ᠮᠠᠭᠠᠳᠯᠠᠵᠤ ᠥᠭᠦᠯᠡᠮᠦᠢ ᠅ 16᠂ ᠮᠠᠨ᠋᠎ᠠ᠂ ᠪᠢ ᠪᠡᠷ ᠲᠠᠨ ᠢ ᠬᠣᠨᠢᠳ ᠮᠡᠲᠦ ᠴᠢᠨᠤ᠎ᠠ ᠨᠤᠭᠤᠳ ᠤᠨ ᠳᠤᠮᠳᠠ ᠢᠯᠡᠭᠡᠮᠦᠢ᠃ ᠲᠠ ᠪᠡᠷ ᠮᠣᠭᠠᠢ ᠮᠡᠲᠦ ᠰᠡᠴᠡᠨ ᠪᠣᠯᠤᠨ ᠲᠠᠭᠲᠠᠭ᠎ᠠ ᠮᠡᠲᠦ ᠬᠣᠣᠷ᠎ᠠ ᠦᠭᠡᠢ ᠪᠣᠯᠤᠭᠲᠤᠨ᠃ 17᠂ ᠬᠠᠷᠢᠨ ᠬᠦᠮᠦᠨ ᠨᠦᠭᠦᠳ ᠡᠴᠡ ᠬᠢᠴᠢᠶᠡᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠲᠠᠨ ᠢ ᠵᠠᠷᠭᠤᠨ ᠳᠤᠷ ᠪᠠᠷᠢᠭᠤᠯᠭᠠᠨ᠂ ᠬᠣᠷᠠᠯ ᠤᠳ ᠤᠨ ᠳᠣᠲᠣᠷ᠎ᠠ ᠵᠠᠨᠴᠢᠬᠤ ᠪᠤᠢ᠃ 18᠂ ᠪᠠᠰᠠ ᠲᠠ ᠪᠡᠷ ᠮᠢᠨᠦ ᠨᠡᠷ᠎ᠡ ᠶᠢᠨ ᠲᠤᠯᠠ ᠲᠡᠷᠢᠭᠦᠯᠡᠭᠴᠢᠳ ᠦᠨ ᠬᠢᠭᠡᠳ ᠬᠠᠳ ᠤᠨ ᠡᠮᠦᠨ᠋᠎ᠡ ᠬᠦᠷᠭᠡᠭᠳᠡᠬᠦ ᠪᠤᠢ᠃ ᠡᠨᠡ ᠬᠡᠮᠡᠪᠡᠰᠦ ᠲᠡᠳᠡᠨ ᠳᠦᠷ ᠬᠢᠭᠡᠳ ᠪᠠᠯᠠᠢ ᠨᠣᠮ ᠲᠠᠨ ᠳᠤᠷ ᠭᠡᠷᠡᠴᠢᠯᠡᠯᠭᠡ ᠪᠣᠯᠬᠤ ᠶᠢᠨ ᠲᠤᠯᠠ ᠪᠣᠯᠠᠢ᠃ 19᠂ ᠲᠡᠶᠢᠨ ᠬᠦ ᠲᠡᠳᠡᠨ ᠦ ᠲᠠᠨ ᠢ ᠪᠠᠷᠢᠭᠤᠯᠭᠠᠬᠤᠢ ᠳᠤᠷ᠂ ᠪᠢᠳᠡ ᠪᠡᠷ ᠶᠠᠬᠢᠨ ᠡᠰᠡᠪᠡᠰᠦ ᠶᠠᠭᠤᠨ ᠤ ᠥᠭᠦᠯᠡᠬᠦ ᠪᠤᠶᠤ᠂ ᠬᠡᠮᠡᠨ ᠰᠠᠨᠠᠭ᠎ᠠ ᠪᠠᠷ ᠢᠶᠠᠨ ᠪᠦᠦ ᠵᠣᠪᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠲᠠᠨᠤ ᠶᠠᠭᠤᠨ ᠥᠭᠦᠯᠡᠬᠦᠢ ᠢᠨᠦ ᠲᠡᠷᠡ ᠬᠦ ᠴᠠᠭ ᠲᠤᠷ ᠲᠠᠨ ᠳᠤᠷ ᠥᠭᠳᠡᠬᠦ ᠪᠤᠢ᠃ 20᠂ ᠲᠡᠷᠡ ᠶᠠᠭᠤᠨ ᠤ ᠲᠤᠯᠠ ᠬᠡᠮᠡᠪᠡᠰᠦ᠂ ᠲᠠ ᠥᠪᠡᠷ ᠢᠶᠡᠨ ᠥᠭᠦᠯᠡᠬᠦ ᠪᠤᠰᠤ᠃ ᠬᠠᠷᠢᠨ ᠲᠠᠨᠤ ᠡᠴᠢᠭᠡ ᠶᠢᠨ ᠲᠣᠳᠤᠳᠬᠠᠯ ᠠᠨᠤ ᠲᠠᠨ ᠢᠶᠠᠷ ᠥᠭᠦᠯᠡᠬᠦ ᠪᠤᠢ ᠅ 21᠂ ᠵᠢᠴᠢ ᠠᠬ᠎ᠠ ᠳᠡᠭᠦᠦ ᠢᠨᠦ ᠠᠬ᠎ᠠ ᠳᠡᠭᠦᠦ ᠪᠡᠨ ᠦᠬᠦᠯ ᠳᠦᠷ ᠲᠤᠰᠢᠶᠠᠬᠤ ᠪᠥᠭᠡᠳ᠂ ᠡᠴᠢᠭᠡ ᠢᠨᠦ ᠬᠥᠪᠡᠭᠦᠨ ᠢᠶᠡᠨ ᠲᠤᠰᠢᠶᠠᠬᠤ ᠪᠤᠢ᠃ ᠬᠡᠦᠬᠡᠳ ᠴᠤ ᠡᠴᠢᠭᠡ ᠡᠬᠡ ᠶᠦᠭᠡᠨ ᠲᠤᠰ ᠪᠣᠰᠴᠤ ᠲᠡᠳᠡᠨ ᠢ ᠦᠬᠦᠭᠦᠯᠬᠦ ᠪᠤᠢ᠃ 22᠂ ᠪᠠᠰᠠ ᠲᠠ ᠪᠡᠷ ᠮᠢᠨᠦ ᠨᠡᠷ᠎ᠡ ᠶᠢᠨ ᠲᠤᠯᠠ ᠬᠠᠮᠤᠭ ᠲᠤᠷ ᠥᠰᠢᠶᠡᠯᠡᠭᠳᠡᠬᠦ ᠪᠤᠢ᠃ ᠵᠦᠭᠡᠷ ᠡᠴᠦᠰ ᠪᠣᠯᠲᠠᠯ᠎ᠠ ᠪᠠᠷᠢᠮᠲᠠᠯᠠᠨ ᠪᠠᠶᠢᠭᠴᠢ ᠠᠨᠤ ᠲᠣᠨᠢᠯᠭᠠᠭᠳᠠᠬᠤ ᠪᠣᠯᠤᠶᠤ ᠅ 23᠂ ᠲᠡᠶᠢᠨ ᠪᠦᠬᠦᠶ᠎ᠡ ᠲᠡᠳᠡᠨ ᠦ ᠨᠢᠭᠡᠨ ᠪᠠᠯᠭᠠᠰᠤᠨ᠋᠎ᠠ ᠲᠠᠨ ᠢ ᠴᠦᠬᠡᠭᠡᠬᠦᠢ ᠳᠦᠷ ᠪᠤᠰᠤ (ᠪᠠᠯᠭᠠᠰᠤᠨ) ᠳᠤᠷ ᠲᠣᠳᠠᠭᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠬᠦᠮᠦᠨ ᠲᠥᠷᠥᠯᠬᠢᠲᠦ ᠶᠢᠨ ᠢᠷᠡᠲᠡᠯ᠎ᠡ ᠲᠠ ᠪᠠᠷ ᠢᠰᠷᠠᠶᠢᠯ ᠤᠨ ᠬᠠᠮᠤᠭ ᠪᠠᠯᠭᠠᠳ ᠢᠶᠠᠷ ᠠᠯᠤᠰᠳᠠᠨ ᠦᠯᠦ ᠳᠠᠭᠤᠰᠬᠤ ᠪᠤᠢ᠃ ᠬᠡᠮᠡᠨ ᠪᠢ ᠪᠡᠷ ᠲᠠᠨ ᠳᠤᠷ ᠮᠠᠭᠠᠳᠯᠠᠵᠤ ᠥᠭᠦᠯᠡᠮᠦᠢ ᠅ 24᠂ ᠱᠠᠪᠢ ᠠᠨᠤ ᠪᠠᠭᠰᠢ ᠠᠴᠠ ᠳᠡᠭᠡᠷ᠎ᠡ ᠪᠤᠰᠤ ᠪᠥᠭᠡᠳ᠂ ᠪᠣᠭᠣᠯ ᠠᠨᠤ ᠡᠵᠡᠨ ᠡᠴᠡ ᠳᠡᠭᠡᠷ᠎ᠡ ᠪᠤᠰᠤ ᠪᠣᠯᠠᠢ᠃ 25᠂ ᠱᠠᠪᠢ ᠶᠢᠨ ᠪᠠᠭᠰᠠᠢ [ᠪᠠᠭᠰᠢ] ᠯᠤᠭ᠎ᠠ ᠠᠳᠠᠯᠢ ᠪᠣᠯᠬᠤᠢ ᠬᠢᠭᠡᠳ ᠪᠣᠭᠣᠯ ᠤᠨ ᠡᠵᠡᠨ ᠯᠦᠭᠡ ᠠᠳᠠᠯᠠᠢ [ᠠᠳᠠᠯᠢ] ᠪᠣᠯᠬᠤᠢ ᠠᠨᠤ ᠬᠦᠷᠬᠦ ᠪᠢᠰᠢᠶᠦ᠃ ᠬᠡᠷᠪᠡ ᠲᠡᠳᠡ ᠢᠨᠦ ᠭᠡᠷ ᠦᠨ ᠡᠵᠡᠨ ᠢ ᠪᠢᠢᠯᠵᠢᠪᠤᠯ ᠬᠡᠮᠡᠨ ᠨᠡᠷᠡᠶᠢᠳᠦᠭᠰᠡᠨ ᠪᠣᠯᠪᠠᠰᠤ᠂ ᠲᠡᠭᠦᠨ ᠦ ᠭᠡᠷᠦᠨ ᠪᠦᠯᠡᠰ ᠢ ᠦᠯᠡᠮᠵᠢ (ᠨᠡᠷᠡᠶᠢᠳᠬᠦ) ᠪᠢᠰᠢᠶᠦ᠃ 26᠂ ᠲᠡᠳᠡᠨ ᠡᠴᠡ ᠪᠦᠦ ᠠᠶᠤᠭᠲᠤᠨ᠃ ᠦᠯᠦ ᠢᠯᠡᠷᠬᠡᠶᠢᠯᠡᠭᠳᠡᠪᠡᠢ ᠶᠠᠭᠤᠨ ᠴᠤ ᠪᠦᠷᠬᠦᠭᠡᠭᠳᠡᠭᠰᠡᠨ ᠪᠤᠰᠤ᠃ ᠦᠯᠦ ᠮᠡᠳᠡᠭᠳᠡᠪᠡᠢ ᠶᠠᠭᠤᠨ ᠴᠤ ᠨᠢᠭᠤᠭᠳᠠᠭᠰᠠᠨ ᠪᠤᠰᠤ᠃ 27᠂ ᠮᠢᠨᠦ ᠲᠠᠨ ᠳᠤᠷ ᠬᠠᠷᠠᠩᠭᠤᠢ ᠶᠢᠨ ᠳᠣᠲᠣᠷ᠎ᠠ ᠥᠭᠦᠯᠡᠭᠰᠡᠨ ᠢ ᠭᠡᠷᠡᠯ ᠳᠦᠷ ᠥᠭᠦᠯᠡᠭᠲᠦᠨ᠃ ᠪᠠᠰᠠ ᠴᠢᠬᠢ ᠪᠡᠷ ᠰᠣᠨᠣᠰᠤᠭᠰᠠᠨ ᠢᠶᠠᠨ ᠭᠡᠷ ᠦᠨ ᠳᠡᠭᠡᠯᠪᠦᠷ ᠦᠨ ᠳᠡᠭᠡᠷ᠎ᠡ ᠳᠡᠯᠭᠡᠷᠡᠭᠦᠯᠦᠭᠲᠦᠨ ᠅ 28᠂ ᠵᠢᠴᠢ ᠪᠠᠰᠠ ᠪᠡᠶ ᠡ ᠶᠢ ᠦᠬᠦᠭᠦᠯᠪᠡᠴᠦ ᠰᠦᠨᠡᠰᠦᠨ ᠢ ᠦᠬᠦᠭᠦᠯᠵᠦ ᠡᠰᠡ ᠴᠢᠳᠠᠭᠴᠢᠳ ᠠᠴᠠ ᠪᠦᠦ ᠠᠶᠤᠭᠲᠤᠨ᠃ ᠬᠠᠷᠢᠨ ᠪᠡᠶ᠎ᠡ ᠰᠦᠨᠡᠰᠦ ᠬᠣᠶᠠᠭᠤᠯᠠᠨ ᠢ ᠲᠠᠮᠤ ᠶᠢᠨ ᠳᠣᠲᠣᠷ᠎ᠠ ᠡᠪᠳᠡᠷᠡᠭᠦᠯᠵᠦ ᠴᠢᠳᠠᠭᠴᠢ ᠠᠴᠠ ᠠᠶᠤᠭᠲᠤᠨ᠃ 29᠂ ᠬᠣᠶᠠᠷ ᠪᠣᠭᠰᠢᠷᠭ᠎ᠠ ᠠᠨᠤ ᠭᠠᠭᠴᠠᠬᠠᠨ ᠮᠥᠩᠭᠦᠨ ᠢᠶᠡᠷ ᠬᠤᠳᠠᠯᠳᠤᠭᠳᠠᠳᠠᠭ ᠪᠢᠰᠢᠶᠦ᠃ ᠬᠠᠷᠢᠨ ᠮᠢᠨᠦ ᠡᠴᠢᠭᠡ ᠦᠭᠡᠢ ᠪᠡᠷ ᠲᠡᠳᠡᠨ ᠦ ᠨᠢᠭᠡᠨ ᠴᠤ ᠭᠠᠵᠠᠷ ᠲᠤᠷ ᠦᠯᠦ ᠤᠨᠠᠬᠤ ᠪᠤᠢ᠃ 30᠂ ᠪᠠᠰᠠ ᠲᠠᠨᠤ ᠲᠣᠯᠤᠭᠠᠢ ᠶᠢᠨ ᠬᠠᠮᠤᠭ ᠦᠰᠦᠨ ᠢᠨᠦ ᠲᠣᠭᠠᠯᠬᠠᠳᠠᠭᠰᠠᠨ ᠪᠤᠢ᠃ 31᠂ ᠲᠡᠶᠢᠮᠦ ᠶᠢᠨ ᠲᠤᠯᠠ ᠪᠦᠦ ᠠᠶᠤᠭᠲᠤᠨ᠃ ᠲᠠ ᠣᠯᠠᠨ ᠪᠣᠭᠰᠢᠷᠭ᠎ᠠ ᠠᠴᠠ ᠦᠯᠡᠮᠵᠢ ᠳᠡᠭᠡᠷ᠎ᠡ ᠪᠤᠢ ᠅ 32᠂ ᠠᠯᠢ ᠬᠡᠨ ᠨᠠᠮᠠᠶᠢ ᠬᠦᠮᠦᠨ ᠦ ᠡᠮᠦᠨ᠋᠎ᠡ ᠲᠠᠨᠢᠭᠤᠯᠤᠭᠴᠢ ᠶᠢ ᠪᠢ ᠴᠤ ᠣᠭᠲᠠᠷᠭᠤᠢ ᠳᠤᠷ ᠠᠭᠴᠢ ᠮᠢᠨᠦ ᠡᠴᠢᠭᠡ ᠶᠢᠨ ᠡᠮᠦᠨ᠋᠎ᠡ ᠲᠠᠨᠢᠭᠤᠯᠬᠤ ᠪᠣᠯᠤᠶᠤ᠃ 33᠂ ᠵᠦᠭᠡᠷ ᠠᠯᠢ ᠬᠡᠨ ᠬᠦᠮᠦᠨ ᠦ ᠡᠮᠦᠨ᠋᠎ᠡ ᠨᠠᠳᠠᠴᠠ ᠮᠡᠯᠵᠢᠭ᠍ᠴᠢ ᠶᠢ ᠪᠢ ᠴᠤ ᠣᠭᠲᠠᠷᠭᠤᠢ ᠳᠤᠷ ᠠᠭᠴᠢ ᠮᠢᠨᠦ ᠡᠴᠢᠭᠡ ᠶᠢᠨ ᠡᠮᠦᠨ᠋᠎ᠡ ᠦᠯᠦ ᠲᠠᠨᠢᠬᠤ ᠪᠣᠯᠤᠶᠤ ᠅ 34᠂ ᠨᠠᠮᠠᠶᠢ ᠳᠡᠯᠡᠬᠡᠢ ᠶᠢᠨ ᠳᠡᠭᠡᠷ᠎ᠡ ᠡᠪ ᠢ ᠪᠣᠯᠭᠠᠬᠤ ᠶᠢᠨ ᠲᠤᠯᠠ ᠢᠷᠡᠭᠰᠡᠨ ᠪᠤᠢ ᠵ᠎ᠠ᠂ ᠬᠡᠮᠡᠨ ᠪᠦᠦ ᠰᠠᠨᠠᠭᠲᠤᠨ᠃ ᠪᠢ ᠪᠡᠷ ᠡᠪ ᠢ ᠦᠯᠦ ᠥᠭᠭᠦᠨ᠃ ᠰᠡᠯᠡᠮᠡ ᠶᠢ ᠥᠭᠬᠦ ᠶᠢᠨ ᠲᠤᠯᠠ ᠢᠷᠡᠭᠰᠡᠨ ᠪᠤᠢ᠃ 35᠂ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠬᠥᠪᠡᠭᠦᠨ ᠡᠴᠢᠭᠡ ᠬᠣᠶᠠᠷ ᠤᠨ ᠬᠣᠭᠤᠷᠤᠨᠳᠤ ᠬᠢᠭᠡᠳ ᠥᠬᠢᠨ ᠡᠬᠡ ᠬᠣᠶᠠᠷ ᠤᠨ ᠬᠣᠭᠤᠷᠤᠨᠳᠤ ᠪᠠ᠂ ᠬᠠᠳᠠᠮ ᠡᠬᠡ ᠪᠡᠷᠢ ᠬᠣᠶᠠᠷ ᠤᠨ ᠬᠣᠭᠤᠷᠤᠨᠳᠤ ᠡᠪ ᠦᠭᠡᠢ ᠪᠣᠯᠭᠠᠬᠤ ᠶᠢᠨ ᠲᠤᠯᠠ ᠢᠷᠡᠭᠰᠡᠨ ᠪᠤᠢ᠃ 36᠂ ᠲᠡᠶᠢᠨ ᠬᠦ ᠬᠦᠮᠦᠨ ᠦ ᠭᠡᠷ ᠦᠨ ᠪᠦᠯᠡᠰ ᠢᠨᠦ ᠲᠡᠭᠦᠨ ᠦ ᠳᠠᠶᠢᠰᠤᠳ ᠪᠣᠯᠬᠤ ᠪᠤᠢ ᠅ 37᠂ ᠡᠴᠢᠭᠡ ᠡᠰᠡᠪᠡᠰᠦ ᠡᠬᠡ ᠪᠡᠨ ᠨᠠᠳᠠᠴᠠ ᠦᠯᠡᠮᠵᠢ ᠢᠨᠠᠭᠯᠠᠭᠴᠢ ᠠᠨᠤ ᠨᠠᠳᠤᠷ ᠲᠡᠩᠰᠡᠭᠦᠷᠢ ᠦᠭᠡᠢ᠃ ᠪᠠᠰᠠ ᠬᠥᠪᠡᠭᠦᠨ ᠡᠰᠡᠪᠡᠰᠦ ᠥᠬᠢᠨ ᠢᠶᠡᠨ ᠨᠠᠳᠠᠴᠠ ᠦᠯᠡᠮᠵᠢ ᠢᠨᠠᠭᠯᠠᠭᠴᠢ ᠠᠨᠤ ᠨᠠᠳᠤᠷ ᠲᠡᠩᠰᠡᠭᠦᠷᠢ ᠦᠭᠡᠢ᠃ 38᠂ ᠪᠠᠰᠠ ᠵᠠᠭᠤᠯᠮᠠᠶᠢᠯᠵᠢ ᠪᠠᠨ ᠠᠪᠤᠭᠠᠳ ᠮᠢᠨᠦ ᠬᠣᠶᠢᠨᠠ ᠠᠴᠠ ᠡᠰᠡ ᠶᠠᠪᠤᠨᠴᠢ [ᠶᠠᠪᠤᠭᠴᠢ] ᠠᠨᠤ ᠨᠠᠳᠤᠷ ᠲᠡᠩᠰᠡᠭᠦᠷᠢ ᠦᠭᠡᠢ ᠪᠤᠢ ᠅ 39᠂ ᠠᠮᠢᠨ ᠢᠶᠠᠨ ᠭᠠᠮᠨᠠᠭᠴᠢ ᠠᠨᠤ ᠲᠡᠭᠦᠨ ᠢ ᠭᠡᠭᠡᠬᠦ ᠪᠤᠢ᠃ ᠬᠠᠷᠢᠨ ᠠᠮᠢᠨ ᠢᠶᠠᠨ ᠮᠢᠨᠦ ᠲᠤᠯᠠ ᠭᠡᠭᠡᠭᠴᠢ ᠢᠨᠦ ᠲᠡᠭᠦᠨ ᠢ ᠭᠠᠮᠨᠠᠬᠤ ᠪᠤᠢ ᠅ 40᠂ ᠲᠠᠨ ᠢ ᠲᠣᠭᠲᠠᠭᠠᠵᠤ ᠠᠪᠤᠭᠴᠢ ᠠᠨᠤ ᠨᠠᠮᠠᠶᠢ ᠴᠤ ᠲᠣᠭᠲᠠᠭᠠᠵᠤ ᠠᠪᠤᠮᠤᠢ᠃ ᠪᠠᠰᠠ ᠨᠠᠮᠠᠶᠢ ᠲᠣᠭᠲᠠᠭᠠᠵᠤ ᠠᠪᠤᠭᠴᠢ ᠠᠨᠤ ᠨᠠᠮᠠᠶᠢ ᠢᠯᠡᠭᠡᠭᠰᠡᠨ ᠢ ᠴᠤ ᠲᠣᠭᠲᠠᠭᠠᠵᠴᠤ ᠠᠪᠤᠮᠤᠢ᠃ 41᠂ ᠹᠣᠷᠣᠹᠢᠳ ᠢ ᠹᠣᠷᠣᠹᠢᠳ ᠤᠨ ᠨᠡᠷ᠎ᠡ ᠶᠢᠨ ᠲᠤᠯᠠ ᠲᠣᠭᠲᠠᠭᠠᠵᠤ ᠠᠪᠤᠭᠴᠢ ᠠᠨᠤ ᠹᠣᠷᠣᠹᠢᠳ ᠤᠨ ᠱᠠᠩ ᠢ ᠬᠦᠷᠲᠡᠨ ᠠᠪᠬᠤ ᠪᠤᠢ᠃ ᠪᠠᠰᠠ ᠵᠥᠪ ᠲᠦ ᠶᠢ ᠵᠥᠪ ᠲᠦ ᠶᠢᠨ ᠨᠡᠷ᠎ᠡ ᠶᠢᠨ ᠲᠤᠯᠠ ᠲᠣᠭᠲᠠᠭᠠᠵᠤ ᠠᠪᠤᠭᠴᠢ ᠠᠨᠤ ᠵᠥᠪ ᠲᠦ ᠶᠢᠨ ᠱᠠᠩ ᠢ ᠬᠦᠷᠲᠡᠨ ᠠᠪᠬᠤ ᠪᠤᠢ᠃ 42᠂ ᠵᠢᠴᠢ ᠠᠯᠢ ᠬᠡᠨ ᠪᠡᠷ ᠨᠠᠳᠤᠷ ᠢᠲᠡᠭᠡᠭᠴᠢ ᠡᠳᠡᠭᠡᠷ ᠪᠢᠴᠢᠬᠠᠨ ᠨᠤᠭᠤᠳ ᠠᠴᠠ ᠨᠢᠭᠡᠨ ᠳᠦᠷ ᠱᠠᠪᠢ ᠶᠢᠨ ᠨᠡᠷ᠎ᠡ ᠶᠢᠨ ᠲᠤᠯᠠ ᠢᠮᠠᠭᠲᠠ ᠠᠶᠠᠭ᠎ᠠ ᠬᠦᠢᠲᠡᠨ ᠤᠰᠤᠨ ᠢ ᠥᠭᠬᠦ ᠪᠥᠭᠡᠰᠦ ᠡᠯ᠎ᠡ᠂ ᠲᠡᠷᠡ ᠢᠨᠦ ᠱᠠᠩ ᠢᠶᠠᠨ ᠦᠯᠦ ᠭᠡᠭᠡᠬᠦ ᠪᠤᠢ᠃ ᠬᠡᠮᠡᠨ ᠪᠢ ᠪᠡᠷ ᠲᠠᠨ ᠳᠤᠷ ᠮᠠᠭᠠᠳᠯᠠᠵᠤ ᠥᠭᠦᠯᠡᠮᠦᠢ ᠅

Qhakambisa

Dlulisela

Kopisha

None

Ufuna ukuthi okuvelele kwakho kugcinwe kuwo wonke amadivayisi akho? Bhalisa noma ngena ngemvume