9
ᠶᠢᠰᠦᠳᠦᠭᠡᠷ ᠪᠦᠯᠦᠭ ᠅
1᠂ ᠲᠡᠶᠢᠨ ᠪᠥᠭᠡᠳ ᠲᠡᠷᠡ ᠢᠨᠦ ᠣᠩᠭᠤᠴᠠ ᠳᠤᠷ ᠣᠷᠣᠵᠤ ᠭᠡᠲᠦᠯᠦᠭᠡᠳ ᠥᠪᠡᠷᠦᠨ ᠪᠠᠯᠭᠠᠰᠤᠨ ᠳᠤᠷ ᠬᠦᠷᠪᠡᠢ᠃ 2᠂ ᠲᠡᠨᠳᠡ ᠮᠠᠨ᠎ᠠ᠂ ᠨᠢᠭᠡᠨ ᠮᠡᠨᠡᠩ ᠡᠪᠡᠳᠴᠢᠨ ᠲᠦ ᠬᠦᠮᠦᠨ ᠢᠨᠦ ᠳᠡᠪᠢᠰᠭᠡᠷ ᠦᠨ ᠳᠡᠭᠡᠷ᠎ᠡ ᠬᠡᠪᠲᠡᠭᠰᠡᠨ ᠢᠶᠡᠷ ᠠᠴᠠᠷᠠᠭᠳᠠᠪᠠᠢ᠃ ᠢᠢᠰᠦᠰ ᠢᠨᠦ ᠲᠡᠳᠡᠨ ᠦ ᠢᠲᠡᠭᠡᠯ ᠢ ᠦᠵᠡᠭᠡᠳ᠂ ᠮᠠᠨᠠᠠᠠᠠ᠋ [ᠮᠠᠨᠠᠩ] ᠡᠪᠡᠳᠴᠢᠨ ᠲᠦ ᠳᠦᠷ ᠡᠶᠢᠨ᠃ ᠬᠥᠪᠡᠭᠦᠨ ᠡ᠂ ᠪᠦᠦ ᠠᠶᠤᠲᠤᠭᠠᠢ᠃ ᠴᠢᠨᠦ ᠬᠢᠯᠢᠨᠴᠡᠰ ᠢᠨᠦ ᠬᠡᠯᠲᠦᠷᠢᠭᠦᠯᠦᠭᠳᠡᠭᠰᠡᠨ ᠪᠤᠢ᠃ 3᠂ ᠬᠡᠮᠡᠨ ᠵᠠᠷᠯᠢᠭ ᠪᠣᠯᠤᠭᠰᠠᠨ ᠳᠤᠷ ᠵᠠᠷᠢᠮ ᠨᠣᠮ ᠵᠠᠭᠠᠭᠴᠢᠨᠠᠷ ᠠᠨᠤ ᠥᠪᠡᠷ ᠵᠠᠭᠤᠷ᠎ᠠ ᠪᠠᠨ ᠥᠭᠦᠯᠡᠯᠳᠦᠷ ᠦᠨ᠃ ᠡᠨᠡ ᠢᠨᠦ ᠪᠤᠷᠬᠠᠨ ᠢ ᠳᠣᠷᠣᠮᠵᠢᠯᠠᠮᠤᠢ᠃ 4᠂ ᠬᠡᠮᠡᠨ ᠲᠡᠳᠡᠨ ᠦ ᠰᠠᠨᠠᠭᠠᠴᠢᠯᠠᠭᠰᠠᠨ ᠢ ᠢᠢᠰᠦᠰ ᠢᠨᠦ ᠮᠡᠳᠡᠨ ᠠᠶᠢᠯᠠᠳᠤᠭᠠᠳ ᠵᠠᠷᠯᠢᠭ ᠪᠣᠯᠤᠷᠤᠨ᠃ ᠲᠠ ᠪᠡᠷ ᠶᠠᠭᠤᠨ ᠤ ᠲᠤᠯᠠ ᠥᠪᠡᠷᠦᠨ ᠵᠢᠷᠦᠬᠡᠨ ᠦ ᠳᠣᠲᠣᠷ᠎ᠠ ᠮᠠᠭᠤ ᠶᠢ ᠰᠠᠨᠠᠭᠠᠴᠢᠯᠠᠮᠤᠶᠤ᠃ 5᠂ ᠲᠡᠷᠡ ᠶᠠᠭᠤᠨ ᠤ ᠲᠤᠯᠠ ᠬᠡᠮᠡᠪᠡᠰᠦ᠂ ᠴᠢᠨᠦ ᠬᠢᠯᠢᠨᠴᠡᠰ ᠢᠨᠦ ᠬᠡᠯᠲᠦᠷᠢᠭᠦᠯᠦᠭᠳᠡᠭᠰᠡᠨ ᠪᠤᠢ ᠬᠡᠮᠡᠨ᠂ ᠡᠰᠡᠪᠡᠰᠦ ᠪᠣᠰᠤᠭᠠᠳ ᠶᠠᠪᠤ᠂ ᠬᠡᠮᠡᠨ ᠥᠭᠦᠯᠡᠬᠦᠢ ᠬᠣᠶᠠᠷ ᠠᠴᠠ ᠠᠯᠢ ᠠᠨᠤ ᠬᠢᠮᠳᠠ ᠪᠤᠶᠤ᠃ 6᠂ ᠵᠦᠭᠡᠷ ᠬᠦᠮᠦᠨ ᠲᠥᠷᠥᠯᠬᠢᠲᠦ ᠢᠨᠦ ᠳᠡᠯᠡᠬᠡᠢ ᠶᠢᠨ ᠳᠡᠭᠡᠷ᠎ᠡ ᠬᠢᠯᠢᠨᠴᠡᠰ ᠢ ᠬᠡᠯᠲᠦᠷᠢᠭᠦᠯᠬᠦᠢ ᠡᠷᠬᠡ ᠲᠦ ᠮᠥᠨ᠂ ᠬᠡᠮᠡᠨ ᠲᠠᠨᠤ ᠮᠡᠳᠡᠬᠦ ᠶᠢᠨ ᠲᠤᠯᠠ᠂ ᠲᠡᠨᠳᠡ ᠲᠡᠷᠡ ᠢᠨᠦ ᠮᠡᠨᠡᠡᠡᠡ᠋ [ᠮᠡᠨᠡᠩ] ᠡᠪᠡᠳᠴᠢᠨ ᠲᠦ ᠳᠦᠷ ᠡᠶᠢᠨ᠃ ᠪᠣᠰᠤᠭᠠᠳ᠂ ᠳᠡᠪᠢᠰᠭᠡᠷ ᠢᠶᠡᠨ ᠠᠪᠴᠤ᠂ ᠭᠡᠷ ᠲᠡᠭᠡᠨ ᠬᠠᠷᠢᠲᠤᠭᠠᠢ᠃ 7᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠪᠣᠰᠤᠭᠠᠳ ᠭᠡᠷ ᠲᠡᠭᠡᠨ ᠬᠠᠷᠢᠪᠠᠢ᠃ 8᠂ ᠲᠡᠶᠢᠨ ᠪᠥᠭᠡᠳ ᠤᠯᠤᠰ ᠠᠨᠤ ᠡᠭᠦᠨ ᠢ ᠦᠵᠡᠭᠡᠳ ᠭᠠᠶᠢᠬᠠᠨ᠂ ᠬᠦᠮᠦᠨ ᠨᠦᠭᠦᠳ ᠲᠦᠷ ᠡᠨᠡ ᠮᠡᠲᠦ ᠡᠷᠬᠡ ᠶᠢ ᠥᠭᠭᠦᠭᠰᠡᠨ ᠪᠤᠷᠬᠠᠨ ᠢ ᠠᠯᠳᠠᠷᠰᠢᠭᠤᠯᠪᠠᠢ ᠅ 9᠂ ᠲᠡᠨᠳᠡᠴᠡ ᠢᠢᠰᠦᠰ ᠢᠨᠦ ᠴᠢᠨᠠᠭᠰᠢᠳᠠ ᠣᠳᠤᠭᠠᠳ᠂ ᠠᠯᠪᠠᠨ ᠢ ᠬᠤᠷᠢᠶᠠᠬᠤᠢ ᠭᠡᠷ ᠦᠨ ᠲᠡᠨᠳᠡ ᠮᠠᠳᠲ᠋ᠢᠢ ᠬᠡᠮᠡᠭᠴᠢ ᠶᠢᠨ ᠰᠠᠭᠤᠨ ᠠᠬᠤᠢ ᠶᠢ ᠦᠵᠡᠭᠡᠳ᠂ ᠲᠡᠭᠦᠨ ᠳᠦᠷ ᠵᠠᠷᠯᠢᠭ ᠪᠣᠯᠤᠷᠤᠨ᠂ ᠨᠠᠮᠠᠶᠢ ᠳᠠᠭᠠᠲᠤᠭᠠᠢ᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠪᠣᠰᠤᠭᠠᠳ ᠲᠡᠭᠦᠨ ᠢ ᠳᠠᠭᠠᠯᠤᠭ᠎ᠠ᠃ 10᠂ ᠲᠡᠶᠢᠨ ᠪᠥᠭᠡᠳ ᠢᠢᠰᠦᠰ ᠦᠨ ᠲᠡᠭᠦᠨ ᠦ ᠭᠡᠷ ᠲᠦᠷ ᠵᠣᠭᠤᠭᠯᠠᠷᠠ ᠰᠠᠭᠤᠬᠤᠢ ᠳᠤᠷ ᠣᠯᠠᠨ ᠠᠪᠤᠯᠭᠠᠴᠢᠨᠠᠷ ᠬᠢᠭᠡᠳ ᠬᠢᠯᠢᠨᠴᠡᠲ᠋ᠡᠨ ᠢᠨᠦ ᠲᠡᠭᠦᠨ ᠯᠦᠭᠡ ᠬᠢᠭᠡᠳ ᠲᠡᠭᠦᠨ ᠦ ᠱᠠᠪᠢᠨᠠᠷ ᠯᠤᠭ᠎ᠠ ᠰᠠᠭᠤᠯᠴᠠᠪᠠᠢ᠃ 11᠂ ᠵᠦᠭᠡᠷ ᠹᠠᠷᠢᠰᠢ ᠨᠠᠷ ᠠᠨᠤ ᠡᠭᠦᠨ ᠢ ᠦᠵᠡᠭᠡᠳ᠂ ᠲᠡᠭᠦᠨ ᠦ ᠱᠠᠪᠢᠨᠠᠷ ᠲᠤᠷ ᠥᠭᠦᠯᠡᠷᠦᠨ᠃ ᠲᠠᠨᠤ ᠪᠠᠭᠰᠢ ᠠᠨᠤ ᠶᠠᠭᠤᠨ ᠤ ᠲᠤᠯᠠ ᠠᠪᠤᠯᠭᠠᠴᠢᠨᠠᠷ ᠬᠢᠭᠡᠳ ᠬᠢᠯᠢᠨᠴᠡᠲ᠋ᠡᠨ ᠯᠦᠭᠡ ᠢᠳᠡᠯᠴᠡᠮᠦᠶᠦ᠃ 12᠂ ᠬᠡᠮᠡᠭᠰᠡᠨ ᠢ ᠢᠢᠰᠦᠰ ᠢᠨᠦ ᠰᠣᠨᠣᠰᠤᠭᠠᠳ᠂ ᠲᠡᠳᠡᠨ ᠳᠦᠷ ᠵᠠᠷᠯᠢᠭ ᠪᠣᠯᠤᠷᠤᠨ᠂ ᠡᠷᠡᠭᠦᠯ ᠨᠤᠭᠤᠳ ᠲᠤᠷ ᠡᠮᠴᠢ ᠬᠡᠷᠡᠭ ᠦᠭᠡᠢ᠃ ᠬᠠᠷᠢᠨ ᠡᠪᠡᠳᠴᠢᠳᠡᠨ ᠳᠦᠷ ᠬᠡᠷᠡᠭ ᠲᠦ ᠪᠤᠢ᠃ 13᠂ ᠬᠠᠷᠢᠨ ᠲᠠ ᠪᠡᠷ ᠣᠳᠤᠭᠠᠳ᠃ ᠪᠢ ᠪᠡᠷ ᠨᠢᠭᠦᠯᠡᠰᠡᠬᠦᠢ ᠶᠢ ᠲᠠᠭᠠᠯᠠᠨ᠂ ᠲᠠᠬᠢᠯ ᠢ ᠦᠯᠦ ᠲᠠᠭᠠᠯᠠᠮᠤᠢ᠃ ᠬᠡᠮᠡᠬᠦ ᠶᠠᠭᠤᠨ ᠠᠬᠤᠢ ᠶᠢ ᠰᠤᠷᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠵᠥᠪ ᠲᠡᠨ ᠢ ᠪᠤᠰᠤ᠂ ᠬᠠᠷᠢᠨ ᠬᠢᠯᠢᠨᠴᠡᠲ᠋ᠡᠨ ᠢ ᠭᠡᠮᠰᠡᠯ ᠳᠦᠷ ᠳᠠᠭᠤᠳᠠᠷ᠎ᠠ ᠢᠷᠡᠭᠰᠡᠨ ᠪᠤᠢ᠃ ᠬᠡᠮᠡᠨ ᠵᠠᠷᠯᠢᠭ ᠪᠣᠯᠪᠠᠢ ᠅ 14᠂ ᠲᠡᠨᠳᠡ ᠢᠣᠸᠠᠨ ᠤ ᠱᠠᠪᠢᠨᠠᠷ ᠠᠨᠤ ᠲᠡᠭᠦᠨ ᠳᠦᠷ ᠢᠷᠡᠭᠡᠳ ᠡᠶᠢᠨ ᠠᠶᠢᠯᠠᠳᠬᠠᠷ ᠤᠨ᠃ ᠪᠢᠳᠡ ᠬᠢᠭᠡᠳ ᠹᠠᠷᠢᠰᠢ ᠨᠠᠷ ᠠᠨᠤ ᠣᠯᠠᠨ ᠲᠠ ᠪᠠᠴᠠᠭᠯᠠᠪᠠᠴᠤ᠂ ᠴᠢᠨᠦ ᠱᠠᠪᠢᠨᠠᠷ ᠠᠨᠤ ᠶᠠᠭᠤᠨ ᠤ ᠲᠤᠯᠠ ᠡᠰᠡ ᠪᠠᠴᠠᠭᠯᠠᠳᠠᠭ ᠪᠤᠶᠤ᠃ 15᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠬᠤᠷᠢᠮ ᠤᠨ ᠵᠣᠴᠢᠳ ᠠᠨᠤ ᠲᠤᠰᠢᠶ᠎ᠠ ᠲᠤ ᠡᠷ᠎ᠡ ᠶᠢᠨ ᠲᠡᠳᠡᠨ ᠯᠦᠭᠡ ᠪᠤᠢ ᠴᠠᠭ ᠲᠤᠷ ᠭᠠᠰᠢᠭᠤᠳᠠᠵᠤ ᠡᠰᠡ ᠴᠢᠳᠠᠮᠤᠢ᠃ ᠵᠦᠭᠡᠷ ᠲᠤᠰᠢᠶ᠎ᠠ ᠲᠤ ᠡᠷ᠎ᠡ ᠶᠢᠨ ᠲᠡᠳᠡᠨ ᠡᠴᠡ ᠬᠠᠭᠠᠴᠠᠭᠤᠯᠤᠭᠳᠠᠬᠤᠢ ᠡᠳᠦᠷ ᠦᠳ ᠢᠨᠦ ᠢᠷᠡᠬᠦ ᠪᠤᠢ᠃ ᠲᠡᠷᠡ ᠴᠠᠭ ᠲᠤᠷ ᠲᠡᠳᠡ ᠢᠨᠦ ᠪᠠᠴᠠᠭᠯᠠᠬᠤ ᠪᠤᠢ᠃ 16᠂ ᠬᠡᠨ ᠴᠤ ᠰᠢᠨ᠎ᠡ ᠨᠥᠬᠥᠭᠰᠡᠳ ᠢᠶᠡᠷ ᠬᠠᠭᠤᠴᠢᠨ ᠬᠤᠪᠴᠠᠰᠤᠨ ᠢ ᠡᠰᠡ ᠨᠦᠬᠦᠳᠡᠭ᠃ ᠲᠡᠶᠢᠮᠦ ᠨᠦᠬᠦᠪᠡᠰᠦ᠂ ᠰᠢᠨ᠎ᠡ ᠢᠨᠦ ᠬᠠᠭᠤᠴᠢᠨ ᠢ ᠬᠠᠭᠠᠴᠢᠬᠤ ᠪᠥᠭᠡᠳ᠂ ᠬᠠᠭᠠᠷᠠᠬᠠᠢ ᠠᠨᠤ ᠦᠯᠡᠮᠵᠢ ᠶᠡᠬᠡ ᠪᠣᠯᠬᠤ ᠪᠤᠢ᠃ 17᠂ ᠪᠠᠰᠠ ᠰᠢᠨ᠎ᠡ ᠦᠵᠮ [ᠦᠵᠦᠮ] ᠦᠨ ᠤᠮᠳᠠᠭᠠᠨ ᠠᠨᠤ ᠬᠠᠭᠤᠴᠢᠨ ᠠᠷᠢᠰᠤᠨ ᠰᠠᠪᠠᠰ ᠲᠤᠷ ᠡᠰᠡ ᠠᠭᠤᠯᠤᠭᠳᠠᠳᠠᠭ᠃ ᠬᠡᠷᠪᠡ ᠠᠭᠤᠯᠤᠭᠳᠠᠪᠠᠰᠤ᠂ ᠰᠠᠪᠠᠰ ᠠᠨᠤ ᠬᠠᠭᠠᠷᠠᠬᠤ ᠪᠥᠭᠡᠳ᠂ ᠦᠵᠦᠮ ᠦᠨ ᠤᠮᠳᠠᠭᠠᠨ ᠠᠨᠤ ᠠᠰᠭᠠᠷᠠᠬᠤ ᠪᠠ᠂ ᠰᠠᠪᠠᠰ ᠴᠤ ᠬᠣᠬᠢᠷᠠᠬᠤ ᠪᠤᠢ᠃ ᠵᠦᠭᠡᠷ ᠰᠢᠨ᠎ᠡ ᠦᠵᠦᠮ ᠦᠨ ᠤᠮᠳᠠᠭᠠᠨ ᠢ ᠰᠢᠨ᠎ᠡ ᠰᠠᠪᠠᠰ ᠲᠤᠷ ᠠᠭᠤᠯᠬᠤ ᠶᠣᠰᠤ ᠲᠤ᠃ ᠲᠡᠶᠢᠨ ᠬᠦ ᠡᠯ᠎ᠡ ᠬᠣᠶᠠᠭᠤᠯᠠ ᠠᠨᠤ ᠭᠠᠮᠨᠠᠭᠳᠠᠬᠤ ᠪᠤᠢ᠃ 18᠂ ᠬᠡᠮᠡᠨ ᠵᠠᠷᠯᠢᠭ ᠪᠣᠯᠤᠨ ᠠᠲᠠᠯ᠎ᠠ᠂ ᠮᠠᠨ᠎ᠠ᠂ ᠨᠢᠭᠡ ᠲᠡᠷᠢᠭᠦᠯᠡᠭᠴᠢ ᠢᠨᠦ ᠢᠷᠡᠭᠡᠳ᠂ ᠲᠡᠭᠦᠨ ᠳᠦᠷ ᠮᠥᠷᠭᠦᠨ ᠡᠶᠢᠨ ᠥᠭᠦᠯᠡᠷᠦᠨ᠃ ᠮᠢᠨᠦ ᠥᠬᠢᠨ ᠢᠨᠦ ᠦᠬᠦᠪᠡᠢ᠃ ᠲᠡᠶᠢᠨ ᠪᠣᠯᠪᠠᠴᠤ ᠣᠳᠤᠭᠠᠳ ᠲᠡᠭᠦᠨ ᠦ ᠳᠡᠭᠡᠷ᠎ᠡ ᠮᠤᠲᠤᠷ ᠢᠶᠠᠨ ᠲᠠᠯᠪᠢᠨ ᠰᠣᠶᠤᠷᠬ᠎ᠠ᠃ ᠲᠡᠶᠢᠨ ᠪᠥᠭᠡᠰᠦ ᠡᠯ᠎ᠡ ᠲᠡᠷᠡ ᠢᠨᠦ ᠠᠮᠢᠳᠤᠷᠠᠬᠤ ᠪᠤᠢ᠃ 19᠂ ᠬᠡᠮᠡᠭᠰᠡᠨ ᠳᠦᠷ ᠢᠢᠰᠦᠰ ᠬᠢᠭᠡᠳ ᠲᠡᠭᠦᠨ ᠦ ᠱᠠᠪᠢᠨᠠᠷ ᠠᠨᠤ ᠪᠣᠰᠤᠭᠠᠳ ᠲᠡᠭᠦᠨ ᠢ ᠳᠠᠭᠠᠪᠠᠢ᠃ 20᠂ ᠲᠡᠨᠳᠡ ᠠᠷᠪᠠᠨ ᠬᠣᠶᠠᠷ ᠵᠢᠯ᠎ᠡ ᠴᠢᠰᠤᠨ ᠢ ᠴᠤᠪᠤᠷᠢᠭᠤᠯᠠᠬᠤᠢ ᠡᠪᠡᠳᠴᠢᠨ ᠲᠦ ᠠᠭᠰᠠᠨ ᠡᠮ᠎ᠡ ᠢᠨᠦ ᠬᠣᠶᠢᠨᠠ ᠠᠴᠠ ᠢᠷᠡᠭᠡᠳ᠂ ᠲᠡᠭᠦᠨ ᠦ ᠬᠤᠪᠴᠠᠰᠤᠨ ᠤ ᠵᠠᠬ᠎ᠠ ᠳᠤᠷ ᠭᠠᠷ ᠢᠶᠠᠨ ᠬᠦᠷᠭᠡᠪᠡᠢ᠃ 21᠂ ᠲᠡᠷᠡ ᠬᠡᠮᠡᠪᠡᠰᠦ ᠳᠣᠲᠣᠷ᠎ᠠ ᠪᠠᠨ ᠡᠶᠢᠨ᠃ ᠪᠢ ᠪᠡᠷ ᠲᠡᠭᠦᠨ ᠦ ᠬᠤᠪᠴᠠᠰᠤᠨ ᠳᠤᠷ ᠭᠠᠷ ᠢᠶᠠᠨ ᠬᠦᠷᠭᠡᠪᠡᠰᠦ ᠡᠯ᠎ᠡ ᠡᠳᠡᠭᠡᠬᠦ ᠪᠤᠢ ᠵᠠ᠂ ᠬᠡᠮᠡᠨ ᠥᠭᠦᠯᠡᠭᠰᠡᠨ ᠪᠥᠯᠦᠭᠡ᠃ 22᠂ ᠵᠦᠭᠡᠷ ᠢᠢᠰᠦᠰ ᠢᠨᠦ ᠡᠷᠭᠢᠵᠦ ᠲᠡᠭᠦᠨ ᠢ ᠦᠵᠡᠭᠡᠳ ᠡᠶᠢᠨ᠃ ᠥᠬᠢᠨ ᠮᠢᠨᠦ ᠡ᠂ ᠪᠦᠦ ᠠᠶᠤᠲᠤᠭᠠᠢ᠃ ᠴᠢᠨᠦ ᠢᠲᠡᠭᠡᠯ ᠢᠨᠦ ᠴᠢᠮᠠᠶᠢ ᠠᠪᠤᠷᠠᠭᠰᠠᠨ ᠪᠤᠢ᠃ ᠬᠡᠮᠡᠨ ᠵᠠᠷᠯᠢᠭ ᠪᠣᠯᠪᠠᠢ᠃ ᠲᠡᠶᠢᠨ ᠬᠦ ᠲᠡᠷᠡ ᠡᠮ᠎ᠡ ᠢᠨᠦ ᠲᠡᠷᠡ ᠴᠠᠭ ᠠᠴᠠ ᠠᠪᠤᠯ ᠡᠳᠡᠭᠡᠪᠡᠢ ᠅ 23᠂ ᠲᠡᠶᠢᠨ ᠪᠥᠭᠡᠳ ᠢᠢᠰᠦᠰ ᠢᠨᠦ ᠲᠡᠷᠡ ᠬᠦ ᠲᠡᠷᠢᠭᠦᠯᠡᠭᠴᠢ ᠶᠢᠨ ᠭᠡᠷ ᠲᠦᠷ ᠬᠦᠷᠦᠭᠡᠳ᠂ ᠪᠢᠱᠬᠢᠭᠦᠷᠴᠢᠳ ᠬᠢᠭᠡᠳ ᠦᠢᠮᠡᠭᠡᠨ ᠢ ᠦᠢᠯᠡᠳᠦᠭᠴᠢ ᠤᠯᠤᠰ ᠢ ᠦᠵᠡᠭᠡᠳ ᠲᠡᠳᠡᠨ ᠳᠦᠷ ᠵᠠᠷᠯᠢᠭ ᠪᠣᠯᠤᠷᠤᠨ᠃ 24᠂ ᠴᠢᠨᠠᠭᠰᠢᠳᠠ ᠣᠳᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠥᠬᠢᠨ ᠢᠨᠦ ᠦᠬᠦᠭᠰᠡᠨ ᠪᠤᠰᠤ᠂ ᠬᠠᠷᠢᠨ ᠤᠮᠲᠠᠨ ᠠᠮᠤᠢ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠢ ᠡᠯᠡᠭᠯᠡᠪᠡᠢ᠃ 25᠂ ᠵᠦᠭᠡᠷ ᠲᠡᠷᠡ ᠢᠨᠦ ᠤᠯᠤᠰ ᠢ ᠭᠠᠷᠭᠠᠭᠰᠠᠨ ᠤ ᠬᠣᠶᠢᠨᠠ᠂ ᠣᠷᠣᠭᠠᠳ ᠲᠡᠭᠦᠨ ᠦ ᠭᠠᠷ ᠠᠴᠠ ᠪᠠᠷᠢᠪᠠᠢ᠃ ᠲᠡᠶᠢᠨ ᠬᠦ ᠲᠡᠷᠡ ᠢᠨᠦ ᠪᠣᠰᠪᠠᠢ᠃ 26᠂ ᠲᠡᠨᠳᠡ ᠡᠭᠦᠨ ᠦ ᠰᠣᠨᠣᠰᠬᠠᠯ ᠠᠨᠤ ᠲᠡᠷᠡ ᠪᠦᠬᠦᠯᠢ ᠭᠠᠵᠠᠷ ᠲᠤᠷ ᠭᠠᠷᠪᠠᠢ ᠅ 27᠂ ᠢᠢᠰᠦᠰ ᠦᠨ ᠲᠡᠨᠳᠡᠴᠡ ᠣᠳᠬᠤᠢ ᠳᠤᠷ ᠬᠣᠶᠠᠷ ᠰᠣᠬᠣᠷ ᠬᠦᠮᠦᠨ ᠢᠨᠦ ᠲᠡᠭᠦᠨ ᠢ ᠳᠠᠭᠠᠵᠤ ᠡᠶᠢᠨ ᠳᠠᠭᠤᠳᠠᠷᠤᠨ᠃ ᠳ᠋ᠠᠸᠢᠳ᠋ ᠤᠨ ᠬᠥᠪᠡᠭᠦᠨ ᠡ᠂ ᠪᠢᠳᠡᠨ ᠢ ᠨᠢᠭᠦᠯᠡᠰᠦᠨ ᠰᠣᠶᠤᠷᠬ᠎ᠠ᠂ ᠬᠡᠮᠡᠪᠡᠢ᠃ 28᠂ ᠲᠡᠶᠢᠨ ᠬᠦ ᠲᠡᠭᠦᠨ ᠦ ᠭᠡᠷ ᠲᠦᠷ ᠣᠷᠣᠬᠤᠢ ᠳᠤᠷ᠂ ᠲᠡᠳᠡ ᠬᠣᠶᠠᠷ ᠰᠣᠬᠣᠷ ᠬᠦᠮᠦᠨ ᠦ ᠲᠡᠭᠦᠨ ᠳᠦᠷ ᠢᠷᠡᠭᠰᠡᠨ ᠳᠦᠷ ᠢᠢᠰᠦᠰ ᠢᠨᠦ ᠲᠡᠳᠡᠨ ᠳᠦᠷ ᠡᠶᠢᠨ᠃ ᠲᠠ ᠪᠡᠷ ᠨᠠᠮᠠᠶᠢ ᠡᠭᠦᠨ ᠢ ᠦᠢᠯᠡᠳᠴᠦ ᠴᠢᠳᠠᠬᠤ ᠬᠡᠮᠡᠨ ᠢᠲᠡᠭᠡᠮᠦᠶᠦ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠶᠢᠨ᠃ ᠡᠵᠡᠨ ᠡ᠂ ᠪᠢᠳᠡ ᠪᠡᠷ ᠢᠲᠡᠭᠡᠮᠦᠢ᠃ 29᠂ ᠬᠡᠮᠡᠨ ᠥᠭᠦᠯᠡᠭᠰᠡᠨ ᠳᠦᠷ ᠲᠡᠷᠡ ᠢᠨᠦ ᠲᠡᠳᠡᠨ ᠦ ᠨᠢᠳᠦᠨ ᠳᠦᠷ ᠮᠤᠲᠤᠷ ᠢᠶᠠᠨ ᠬᠦᠷᠭᠡᠭᠡᠳ᠃ ᠲᠠᠨᠤ ᠢᠲᠡᠭᠡᠭᠰᠡᠨ ᠢᠶᠡᠷ ᠲᠠᠨᠳᠤᠷ ᠪᠣᠯᠬᠤ ᠪᠣᠯᠲᠤᠭᠠᠢ᠂ ᠬᠡᠮᠡᠨ ᠵᠠᠷᠯᠢᠭ ᠪᠣᠯᠪᠠᠢ᠃ 30᠂ ᠲᠡᠶᠢᠨ ᠪᠡᠷ ᠲᠡᠳᠡᠨ ᠦ ᠨᠢᠳᠦᠨ ᠢᠨᠦ ᠨᠡᠭᠡᠭᠳᠡᠪᠡᠢ᠃ ᠢᠢᠰᠦᠰ ᠢᠨᠦ ᠲᠡᠳᠡᠨ ᠳᠦᠷ ᠡᠶᠢᠨ᠃ ᠬᠡᠨ ᠴᠤ ᠡᠭᠦᠨ ᠢ ᠦᠯᠦ ᠮᠡᠳᠡᠬᠦ ᠪᠣᠯᠲᠤᠭᠠᠢ᠃ 31᠂ ᠬᠡᠮᠡᠨ ᠲᠡᠳᠡᠨ ᠳᠦᠷ ᠴᠢᠩᠭᠠᠯᠠᠨ ᠵᠠᠬᠢᠭᠰᠠᠨ ᠪᠣᠯᠪᠠᠴᠤ ᠲᠡᠳᠡ ᠢᠨᠦ ᠣᠳᠤᠭᠠᠳ ᠲᠡᠭᠦᠨ ᠦ ᠠᠯᠳᠠᠷ ᠢ ᠲᠡᠷᠡ ᠪᠦᠬᠦᠯᠢ ᠣᠷᠣᠨ ᠳᠤᠷ ᠳᠡᠯᠭᠡᠷᠡᠭᠦᠯᠪᠡᠢ ᠅ 32᠂ ᠲᠡᠶᠢᠨ ᠪᠥᠭᠡᠳ ᠲᠡᠳᠡᠨ ᠦ ᠵᠣᠷᠴᠢᠨ ᠠᠲᠠᠯ᠎ᠠ ᠴᠢᠳᠬᠦᠷ᠎ᠡ ᠪᠠᠷᠢᠭᠳᠠᠭᠰᠠᠨ ᠬᠡᠯᠡ ᠦᠭᠡᠢ ᠬᠦᠮᠦᠨ ᠢᠨᠦ ᠲᠡᠭᠦᠨ ᠳᠦᠷ ᠠᠴᠠᠷᠠᠭᠳᠠᠪᠠᠢ᠃ 33᠂ ᠲᠡᠶᠢᠨ ᠬᠦ ᠴᠢᠳᠬᠦᠷ ᠢ ᠭᠠᠷᠭᠠᠭᠰᠠᠨ ᠤ ᠬᠣᠶᠢᠨᠠ ᠬᠡᠯᠡ ᠦᠭᠡᠢ ᠢᠨᠦ ᠥᠭᠦᠯᠡᠪᠡᠢ ᠪᠣᠯᠪᠠᠢ᠃ ᠵᠦᠭᠡᠷ ᠤᠯᠤᠰ ᠠᠨᠤ ᠭᠠᠶᠢᠬᠠᠵᠤ ᠥᠭᠦᠯᠡᠷ ᠦᠨ᠃ ᠡᠳᠦᠭᠡ ᠪᠣᠯᠲᠠᠯ᠎ᠠ ᠢᠰᠷᠠᠶᠢᠯ ᠤᠨ ᠳᠣᠲᠣᠷ᠎ᠠ ᠡᠨᠡ ᠮᠡᠲᠦ ᠪᠡᠷ ᠦᠵᠡᠭᠳᠡᠬᠡ ᠡᠳᠦᠢ ᠪᠣᠯᠠᠢ᠃ 34᠂ ᠵᠦᠭᠡᠷ ᠹᠠᠷᠢᠰᠢᠢ ᠨᠠᠷ ᠠᠨᠤ ᠥᠭᠦᠯᠡᠷ ᠦᠨ᠃ ᠲᠡᠷᠡ ᠢᠨᠦ ᠴᠢᠳᠬᠦᠳ ᠦᠨ ᠲᠡᠷᠢᠭᠦᠯᠡᠭᠴᠢ ᠶᠢᠨ ᠡᠷᠬᠡ ᠪᠡᠷ ᠴᠢᠳᠬᠦᠳ ᠢ ᠵᠠᠶᠢᠯᠠᠭᠤᠯᠤᠮᠤᠢ᠃ ᠬᠡᠮᠡᠯᠦᠭᠡ ᠅ 35᠂ ᠵᠢᠴᠢ ᠢᠢᠰᠦᠰ ᠢᠨᠦ ᠬᠠᠮᠤᠭ ᠪᠠᠯᠭᠠᠳ ᠬᠢᠭᠡᠳ ᠬᠣᠲᠠᠳ ᠢᠶᠠᠷ ᠲᠡᠳᠡᠨ ᠦ ᠬᠤᠷᠠᠯ ᠤᠨ ᠳᠣᠲᠣᠷ᠎ᠠ ᠰᠤᠷᠭᠠᠨ᠂ ᠡᠵᠡᠯᠡᠭᠦᠷᠢᠨ ᠦ ᠢᠸᠠᠩᠭᠢᠯᠢ ᠶᠢ ᠳᠡᠯᠭᠡᠷᠡᠭᠦᠯᠦᠨ᠂ ᠤᠯᠤᠰ ᠤᠨ ᠳᠣᠲᠣᠷ᠎ᠠ ᠠᠯᠢᠪᠠ ᠡᠪᠡᠳᠴᠢᠨ ᠬᠢᠭᠡᠳ ᠠᠯᠢᠪᠠ ᠥᠯᠪᠡᠷ ᠢ ᠢᠳᠡᠭᠡᠭᠡᠨ ᠶᠠᠪᠤᠪᠠᠢ ᠅ 36᠂ ᠲᠡᠷᠡ ᠢᠨᠦ ᠤᠯᠤᠰ ᠢ ᠦᠵᠡᠬᠦᠢ ᠳᠦᠷ ᠢᠶᠡᠨ ᠲᠡᠳᠡᠨ ᠢ ᠡᠨᠡᠷᠢᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠴᠣᠴᠤᠷᠠᠨ ᠬᠣᠨᠢᠴᠢ ᠦᠭᠡᠢ ᠬᠣᠨᠢᠳ ᠮᠡᠲᠦ ᠲᠠᠷᠬᠠᠭᠠᠭᠳᠠᠭᠰᠠᠨ ᠪᠥᠯᠦᠭᠡ᠃ 37᠂ ᠲᠡᠨᠳᠡ ᠲᠡᠷᠡ ᠢᠨᠦ ᠱᠠᠪᠢᠨᠠᠷ ᠲᠠᠭᠠᠨ ᠵᠠᠷᠯᠢᠭ ᠪᠣᠯᠤᠷᠤᠨ᠃ ᠲᠠᠷᠢᠶᠠᠯᠠᠠᠠᠠ᠋ [ᠲᠠᠷᠢᠶᠠᠯᠠᠩ] ᠠᠨᠤ ᠶᠡᠬᠡ ᠪᠣᠯᠠᠢ᠃ ᠵᠦᠭᠡᠷ ᠬᠥᠳᠦᠯᠮᠦᠷᠴᠢᠳ ᠢᠨᠦ ᠥᠴᠦᠬᠡᠨ ᠪᠤᠢ᠃ 38᠂ ᠲᠡᠶᠢᠮᠦ ᠶᠢᠨ ᠲᠤᠯᠠ ᠬᠥᠳᠦᠯᠮᠦᠷᠴᠢᠳ ᠢ ᠲᠠᠷᠢᠶᠠᠯᠠᠠᠠᠠ᠋ [ᠲᠠᠷᠢᠶᠠᠯᠠᠩ] ᠳᠠᠭᠠᠨ ᠢᠯᠡᠭᠡᠬᠦᠢ ᠶᠢ ᠲᠠᠷᠢᠶᠠᠯᠠᠠᠠᠠ᠋ [ᠲᠠᠷᠢᠶᠠᠯᠠᠩ] ᠤᠨ ᠡᠵᠡᠨ ᠳᠦᠷ ᠵᠠᠯᠪᠠᠷᠢᠨ ᠡᠷᠢᠭᠲᠦᠨ᠃ ᠬᠡᠮᠡᠨ ᠵᠠᠷᠯᠢᠭ ᠪᠣᠯᠤᠯᠤᠭ᠎ᠠ