ᠮᠠᠳᠲ᠋ᠢᠢ 3

3
ᠭᠤᠷᠪᠠᠳᠤᠭᠠᠷ ᠪᠦᠯᠦᠭ ᠅
1᠂ ᠲᠡᠷᠡ ᠴᠠᠭ ᠲᠤᠷ ᠪᠠᠹᠲ᠋ᠢᠰᠯᠠᠭᠴᠢ ᠢᠣᠸᠠᠨ ᠠᠨᠤ ᠢᠷᠡᠭᠡᠳ᠂ ᠶᠦᠳᠢᠶ᠎ᠡ ᠶᠢᠨ ᠭᠣᠪᠢ᠋ ᠶᠢᠨ ᠳᠣᠲᠣᠷ᠎ᠠ ᠨᠣᠮᠯᠠᠵᠤ ᠡᠶᠢᠨ᠃ 2᠂ ᠭᠡᠮᠰᠢᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠡᠵᠡᠯᠡᠭᠦᠷᠢ ᠢᠨᠦ ᠰᠢᠳᠠᠷ ᠪᠣᠯᠪᠠᠢ᠃ ᠬᠡᠮᠡᠨ ᠥᠭᠦᠯᠡᠪᠡᠢ ᠅ 3᠂ ᠡᠨᠡ ᠬᠡᠮᠡᠪᠡᠰᠦ᠂ ᠢᠰᠢᠶ᠎ᠠ ᠹᠣᠷᠣᠹᠢᠳ ᠤᠨ ᠮᠡᠳᠡᠭᠦᠯᠦᠭᠰᠡᠨ ᠪᠣᠯᠠᠢ᠃ ᠲᠡᠷᠡ ᠢᠨᠦ ᠲᠡᠭᠦᠨ ᠦ ᠤᠴᠢᠷ᠎ᠠ ᠡᠶᠢᠨ᠃ ᠭᠣᠪᠢ᠋ ᠶᠢᠨ ᠳᠣᠲᠣᠷ᠎ᠠ ᠨᠢᠭᠡᠢᠨᠦ ᠳᠠᠭᠤᠨ ᠭᠠᠷᠤᠨ᠃ ᠡᠵᠡᠨ ᠦ ᠵᠠᠮ ᠢ ᠪᠡᠯᠡᠳᠦᠨ᠂ ᠲᠡᠭᠦᠨ ᠦ ᠮᠥᠷ ᠦᠳ ᠢ ᠴᠢᠬᠡ ᠪᠣᠯᠭᠠᠭᠲᠤᠨ᠃ ᠬᠡᠮᠡᠨ ᠳᠠᠭᠤᠳᠠᠮᠤᠢ᠃ ᠬᠡᠮᠡᠭᠰᠡᠨ ᠪᠥᠯᠦᠭᠡ ᠅ 4᠂ ᠡᠨᠡ ᠬᠦ ᠢᠣᠸᠠᠨ ᠠᠨᠤ ᠲᠡᠮᠡᠭᠡᠨ ᠦ ᠨᠣᠭᠣᠣᠰᠤᠨ ᠳᠡᠪᠢᠯ ᠲᠦ ᠠᠭᠠᠳ᠃ ᠪᠡᠯᠬᠡᠭᠦᠰᠦᠨ ᠳᠡᠭᠡᠨ ᠰᠤᠷ ᠪᠦᠰᠡ ᠲᠦ ᠪᠥᠯᠦᠭᠡ᠃ ᠪᠠᠰᠠ ᠲᠡᠭᠦᠨ ᠦ ᠢᠲᠡᠭᠡᠨ ᠬᠡᠮᠡᠪᠡᠰᠦ ᠴᠠᠷᠴᠠ ᠨᠤᠭᠤᠳ ᠬᠢᠭᠡᠳ ᠵᠡᠷᠯᠢᠭ ᠪᠠᠯ ᠪᠥᠯᠦᠭᠡ ᠅ 5᠂ ᠲᠡᠨᠳᠡ ᠬᠠᠮᠤᠭ ᠶᠢᠷᠤᠰᠠᠯᠢᠮ ᠲᠠᠨ ᠬᠢᠭᠡᠳ ᠶᠦᠳᠢᠶ᠎ᠡ ᠲᠡᠨ ᠪᠠ᠂ ᠶᠣᠷᠳᠠᠨ (ᠮᠥᠷᠡᠨ) ᠦ ᠣᠷᠴᠢᠨ ᠳᠤᠷ ᠬᠠᠮᠤᠭ ᠠᠭᠴᠢᠳ ᠠᠨᠤ ᠲᠡᠭᠦᠨ ᠳᠦᠷ ᠭᠠᠷᠤᠭᠠᠳ᠃ 6᠂ ᠬᠢᠯᠢᠨᠴᠡᠰ ᠢᠶᠡᠨ ᠢᠯᠡᠷᠬᠡᠶᠢᠯᠡᠨ᠂ ᠲᠡᠭᠦᠨ ᠢᠶᠡᠷ ᠶᠣᠷᠳᠠᠨ (ᠮᠥᠷᠡᠨ) ᠦ ᠳᠣᠲᠣᠷ᠎ᠠ ᠪᠠᠹᠲ᠋ᠢᠰᠯᠠᠭᠳᠠᠪᠠᠢ ᠅ 7᠂ ᠬᠠᠷᠢᠨ ᠲᠡᠷᠡ ᠢᠨᠦ ᠤᠯᠠᠨ ᠹᠠᠷᠢᠰᠢ ᠨᠠᠷ ᠬᠢᠭᠡᠳ ᠰᠠᠳᠤᠭᠢ ᠨᠠᠷ ᠤᠨ ᠲᠡᠭᠦᠨ ᠦ ᠪᠠᠹᠲ᠋ᠢᠰᠮᠠ ᠳᠤᠷ ᠢᠷᠡᠭᠰᠡᠨ ᠢ ᠦᠵᠡᠭᠡᠳ᠂ ᠲᠡᠳᠡᠨ ᠳᠦᠷ ᠥᠭᠦᠯᠡᠷ ᠦᠨ᠃ ᠮᠣᠭᠠᠢ ᠶᠢᠨ ᠲᠥᠷᠥᠯ ᠡ᠂ ᠲᠠᠨ ᠢ ᠢᠷᠡᠬᠡ ᠡᠳᠦᠢ ᠬᠢᠯᠢᠩ ᠡᠴᠡ ᠵᠠᠶᠢᠯᠠᠭᠲᠤᠨ ᠬᠡᠮᠡᠨ ᠬᠡᠨ ᠵᠢᠭᠠᠭᠰᠠᠨ ᠪᠤᠶᠤ᠃ 8᠂ ᠲᠡᠶᠢᠮᠦ ᠶᠢᠨ ᠲᠤᠯᠠ ᠭᠡᠮᠰᠢᠯᠭᠡᠨ ᠳᠦᠷ ᠲᠡᠩᠰᠡᠭᠦᠷᠢ ᠲᠦ ᠦᠷᠡᠰ ᠢ ᠡᠭᠦᠰᠬᠡᠨ᠃ 9᠂ ᠪᠢᠳᠡ ᠪᠡᠷ ᠠᠪᠷᠠᠾᠠᠮ ᠡᠴᠢᠭᠡ ᠲᠦ ᠬᠡᠮᠡᠨ ᠳᠣᠲᠣᠷ᠎ᠠ ᠪᠠᠨ ᠥᠭᠦᠯᠡᠬᠦᠢ᠎ᠡ ᠪᠦᠦ ᠰᠠᠨᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠠᠨᠤ ᠡᠳᠡ ᠴᠢᠯᠠᠭᠤᠳ ᠠᠴᠠ ᠬᠡᠦᠬᠡᠳ ᠢ ᠠᠪᠷᠠᠾᠠᠮ ᠳᠤᠷ ᠡᠭᠦᠰᠬᠡᠵᠦ ᠴᠢᠳᠠᠮᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠃ 10᠂ ᠪᠠᠰᠠ ᠡᠳᠦᠭᠡ ᠰᠦᠬᠡ ᠢᠨᠦ ᠮᠣᠳᠤᠳ ᠤᠨ ᠦᠨᠳᠦᠰᠦᠨ ᠳᠦᠷ ᠬᠡᠪᠲᠡᠨ ᠠᠮᠤᠢ᠃ ᠲᠡᠶᠢᠮᠦ ᠶᠢᠨ ᠲᠤᠯᠠ ᠠᠯᠢᠪᠠ ᠰᠠᠶᠢᠨ ᠦᠷᠡᠰ ᠢ ᠦᠯᠦ ᠡᠭᠦᠰᠬᠡᠭᠴᠢ ᠮᠣᠳᠤᠨ ᠠᠨᠤ ᠴᠠᠪᠴᠢᠭᠳᠠᠭᠠᠳ ᠭᠠᠯ ᠳᠤᠷ ᠬᠠᠶᠠᠭᠳᠠᠮᠤᠢ᠃ 11᠂ ᠪᠢ ᠬᠡᠮᠡᠪᠡᠰᠦ ᠲᠠᠨᠤ ᠭᠡᠮᠰᠢᠬᠦᠶᠢᠨ [ᠬᠦᠷᠡᠬᠦ ᠶᠢᠨ] ᠲᠤᠯᠠ ᠳᠠᠨ ᠢ ᠤᠰᠤᠨ ᠢᠶᠠᠷ ᠪᠠᠹᠲ᠋ᠢᠰᠯᠠᠮᠤᠢ᠃ ᠬᠠᠷᠢᠨ ᠮᠢᠨᠦ ᠬᠣᠶᠢᠨᠠ ᠨᠠᠳᠠᠴᠠ ᠦᠯᠡᠮᠵᠢ ᠬᠦᠴᠦ ᠲᠦ ᠨᠢᠭᠡᠨ ᠢᠷᠡᠮᠦᠢ᠃ ᠲᠡᠭᠦᠨ ᠦ ᠭᠤᠳᠤᠰᠤᠨ ᠢ ᠴᠤ ᠪᠢ ᠪᠡᠷ ᠡᠷᠭᠦᠬᠦᠢ ᠵᠣᠬᠢᠰ ᠦᠭᠡᠢ᠃ ᠲᠡᠷᠡ ᠢᠨᠦ ᠠᠷᠢᠭᠤᠨ ᠲᠣᠳᠤᠳᠬᠠᠯ ᠢᠶᠠᠷ ᠬᠢᠭᠡᠳ ᠭᠠᠯ ᠢᠶᠠᠷ ᠲᠠᠨ ᠢ ᠪᠠᠹᠲ᠋ᠢᠰᠯᠠᠬᠤ ᠪᠣᠯᠤᠶᠤ᠃ 12᠂ ᠲᠡᠭᠦᠨ ᠦ ᠬᠦᠷᠵᠡ ᠢᠨᠦ ᠲᠡᠭᠦᠨ ᠦ ᠮᠤᠲᠤᠷ ᠲᠤᠷ ᠪᠤᠢ ᠪᠥᠭᠡᠳ᠃ ᠲᠡᠷᠡ ᠴᠤ ᠦᠲᠦᠷᠮᠡᠨ ᠢᠶᠡᠨ ᠠᠷᠢᠯᠭᠠᠨ᠂ ᠲᠠᠷᠢᠶᠠᠨ ᠢᠶᠠᠨ ᠬᠠᠳᠠᠭᠠᠯᠠᠳᠠᠭ ᠭᠡᠷ ᠲᠦᠷ ᠬᠠᠳᠠᠭᠠᠯᠠᠭ᠂ ᠬᠡᠪᠡᠭ ᠢ ᠤᠨᠲᠠᠷᠠᠰᠢ ᠦᠭᠡᠢ ᠭᠠᠯ ᠢᠶᠠᠷ ᠲᠦᠯᠡᠬᠦ ᠪᠤᠢ᠃ ᠬᠡᠮᠡᠵᠦᠬᠦᠢ ᠅ 13᠂ ᠲᠡᠷᠡ ᠴᠠᠭ ᠲᠤᠷ ᠢᠢᠰᠦᠰ ᠢᠨᠦ ᠢᠣᠸᠠᠨ ᠢᠶᠠᠷ ᠪᠠᠹᠲ᠋ᠢᠰᠯᠠᠭᠳᠠᠬᠤ ᠶᠢᠨ ᠲᠤᠯᠠ ᠺᠠᠯᠢᠯᠢᠶ᠎ᠠ ᠠᠴᠠ ᠶᠣᠷᠳᠠᠨ (ᠮᠥᠷᠡᠨ)᠎ᠡ ᠲᠡᠭᠦᠨ ᠳᠦᠷ ᠣᠳᠪᠠᠢ᠃ 14᠂ ᠵᠦᠭᠡᠷ ᠢᠣᠸᠠᠨ ᠠᠨᠤ ᠲᠡᠭᠦᠨ ᠢ ᠬᠣᠷᠢᠵᠤ ᠡᠶᠢᠨ ᠥᠭᠦᠯᠡᠷᠦᠨ᠃ ᠮᠢᠨᠦ ᠴᠢᠮᠠᠪᠠᠷ ᠪᠠᠹᠲ᠋ᠢᠰᠯᠠᠭᠳᠠᠬᠤ ᠬᠡᠷᠡᠭ ᠲᠦ ᠪᠥᠭᠡᠲᠡᠯ᠎ᠡ᠂ ᠴᠢ ᠪᠡᠷ ᠨᠠᠳᠤᠷ ᠢᠷᠡᠮᠦᠶᠦ᠃ 15᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠡᠳᠦᠭᠡ ᠲᠡᠶᠢᠨ ᠪᠣᠯᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠮᠡᠲᠦ ᠪᠡᠷ ᠪᠢᠳᠡ ᠬᠠᠮᠤᠭ ᠵᠥᠪ ᠢ ᠪᠦᠲᠦᠭᠡᠬᠦ ᠶᠣᠰᠤ ᠲᠤ ᠪᠤᠢ᠃ 16᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠲᠡᠭᠦᠨᠴᠢᠯᠡᠨ ᠦᠢᠯᠡᠳᠪᠡᠢ᠃ ᠲᠡᠶᠢᠨ ᠬᠦ ᠢᠢᠰᠦᠰ ᠦᠨ ᠪᠠᠹᠲ᠋ᠢᠰᠯᠠᠭᠳᠠᠭᠰᠠᠨ ᠤ ᠬᠣᠶᠢᠨᠠ ᠤᠰᠤᠨ ᠠᠴᠠ ᠭᠠᠷᠬᠤᠢ ᠳᠤᠷ᠂ ᠮᠠᠨᠠ ᠲᠡᠷᠡ ᠢᠨᠦ ᠣᠭᠲᠠᠷᠭᠤᠢ ᠶᠢᠨ ᠨᠡᠭᠡᠭᠳᠡᠭᠰᠡᠨ ᠪᠥᠭᠡᠳ᠂ ᠠᠷᠢᠭᠤᠨ ᠲᠣᠳᠤᠳᠬᠠᠯ ᠤᠨ ᠬᠡᠭᠦᠷᠵᠡᠭᠡᠨ᠋᠎ᠡ ᠮᠡᠲᠦ ᠪᠠᠭᠤᠭᠠᠳ ᠲᠡᠭᠦᠨ ᠦ ᠳᠡᠭᠡᠷ᠎ᠡ ᠲᠣᠭᠲᠠᠭᠰᠠᠨ ᠢ ᠦᠵᠡᠪᠡᠢ᠃ 17᠂ ᠪᠠᠰᠠ ᠣᠭᠲᠠᠷᠭᠤᠢ ᠠᠴᠠ ᠨᠢᠭᠡ ᠳᠠᠭᠤᠨ ᠠᠨᠤ ᠡᠶᠢᠨ᠃ ᠡᠨᠡ ᠢᠨᠦ ᠮᠢᠨᠦ ᠡᠩᠬᠦᠷ᠎ᠡ ᠬᠥᠪᠡᠭᠦᠨ ᠮᠥᠨ᠃ ᠲᠡᠭᠦᠨ ᠢ ᠪᠢ ᠪᠡᠷ ᠲᠠᠭᠠᠯᠠᠮᠤᠢ᠃ ᠬᠡᠮᠡᠨ ᠳᠠᠭᠤᠳᠠᠵᠤᠬᠤᠢ ᠅

Àwon tá yàn lọ́wọ́lọ́wọ́ báyìí:

ᠮᠠᠳᠲ᠋ᠢᠢ 3: MB1840

Ìsàmì-sí

Pín

Daako

None

Ṣé o fẹ́ fi àwọn ohun pàtàkì pamọ́ sórí gbogbo àwọn ẹ̀rọ rẹ? Wọlé pẹ̀lú àkántì tuntun tàbí wọlé pẹ̀lú àkántì tí tẹ́lẹ̀