Akara Njirimara YouVersion
Akara Eji Eme Ọchịchọ

ᠮᠠᠳᠲ᠋ᠢᠢ 13

13
ᠠᠷᠪᠠᠨ ᠭᠤᠷᠪᠠᠳᠤᠭᠠᠷ ᠪᠦᠯᠦᠭ ᠅
1᠂ ᠲᠡᠷᠡ ᠬᠦ ᠡᠳᠦᠷ᠎ᠡ ᠢᠢᠰᠦᠰ ᠢᠨᠦ ᠭᠡᠷ ᠡᠴᠡ ᠭᠠᠷᠤᠭᠠᠳ ᠳᠠᠯᠠᠢ ᠶᠢᠨ ᠬᠥᠪᠡᠭᠡᠨ ᠦ ᠲᠡᠨᠳᠡ ᠰᠠᠭᠤᠪᠠᠢ᠃ 2᠂ ᠲᠡᠨᠳᠡ ᠣᠯᠠᠨ ᠤᠯᠤᠰ ᠤᠨ ᠲᠭᠦᠨ [ᠲᠡᠭᠦᠨ] ᠳᠦᠷ ᠴᠢᠭᠤᠯᠤᠭᠰᠠᠨ ᠳᠤᠷ᠂ ᠲᠡᠷᠡ ᠢᠨᠦ ᠣᠩᠭᠤᠴᠠ ᠳᠤᠷ ᠣᠷᠣᠭᠠᠳ ᠰᠠᠭᠤᠪᠠᠢ᠃ ᠤᠯᠤᠰ ᠪᠦᠭᠦᠳᠡᠭᠡᠷ ᠡᠷᠬᠢ ᠶᠢᠨ ᠳᠡᠭᠡᠷ᠎ᠡ ᠪᠠᠶᠢᠯᠤᠭ᠎ᠠ᠃ 3᠂ ᠲᠡᠶᠢᠨ ᠬᠦ ᠲᠡᠷᠡ ᠢᠨᠦ ᠦᠯᠢᠭᠡᠷ ᠢᠶᠡᠷ ᠣᠯᠠᠨ ᠢ ᠳᠡᠯᠭᠡᠷᠡᠭᠦᠯᠵᠦ ᠡᠶᠢᠨ ᠵᠠᠷᠯᠢᠭ ᠪᠣᠯᠤᠷᠤᠨ᠃ ᠮᠠᠨᠠ᠂ ᠨᠢᠭᠡ ᠲᠠᠷᠢᠶᠠᠴᠢ ᠠᠨᠤ ᠲᠠᠷᠢᠷ᠎ᠠ ᠭᠠᠷᠪᠠᠢ᠃ 4᠂ ᠲᠡᠶᠢᠨ ᠬᠦ ᠲᠡᠭᠦᠨ ᠦ ᠲᠠᠷᠢᠬᠤᠢ ᠳᠤᠷ (ᠬᠥᠷᠦᠩᠭᠡ ᠶᠢᠨ) ᠵᠠᠷᠢᠮ ᠠᠨᠤ ᠬᠠᠷᠭᠤᠢ ᠶᠢᠨ ᠳᠡᠭᠡᠷ᠎ᠡ ᠤᠨᠠᠪᠠᠢ᠃ ᠲᠡᠳᠡᠨ ᠢ ᠰᠢᠪᠠᠭᠤᠳ ᠠᠨᠤ ᠢᠷᠡᠭᠡᠳ ᠢᠳᠡᠪᠡᠢ᠃ 5᠂ ᠪᠠᠰᠠ ᠪᠤᠰᠤ ᠵᠠᠷᠢᠮ ᠠᠨᠤ ᠶᠡᠬᠡ ᠰᠢᠷᠣᠢ ᠦᠭᠡᠢ ᠴᠢᠯᠠᠭᠤ ᠲᠤ ᠭᠠᠵᠠᠷ᠎ᠠ ᠤᠨᠠᠭᠠᠳ᠂ ᠬᠦᠨ ᠰᠢᠷᠣᠢ ᠦᠭᠡᠢ ᠶᠢᠨ ᠲᠤᠯᠠ ᠦᠳᠲᠦᠷ ᠤᠷᠭᠠᠪᠠᠢ᠃ 6᠂ ᠬᠠᠷᠢᠨ ᠨᠠᠷᠠᠨ ᠤ ᠭᠠᠷᠬᠤᠢ ᠳᠤᠷ ᠲᠡᠷᠡ ᠢᠨᠦ ᠰᠢᠷᠠᠭᠳᠠᠭᠠᠳ ᠦᠨᠳᠦᠰᠦᠨ ᠦᠭᠡᠢ ᠶᠢᠨ ᠲᠤᠯᠠ ᠬᠤᠪᠬᠠᠶᠢᠷᠠᠪᠠᠢ᠃ 7᠂ ᠪᠠᠰᠠ ᠵᠠᠷᠢᠮ ᠠᠨᠤ ᠥᠷᠭᠡᠰᠦ ᠲᠦ ᠬᠠᠯᠠᠭᠠᠢ ᠳᠤᠷ ᠤᠨᠠᠪᠠᠢ᠃ ᠥᠷᠭᠡᠰᠦ ᠲᠦ ᠬᠠᠯᠠᠭᠠᠢ ᠴᠤ ᠤᠷᠭᠤᠭᠠᠳ ᠲᠡᠭᠦᠨ ᠢ ᠳᠠᠷᠤᠪᠠᠢ᠃ 8᠂ ᠬᠠᠷᠢᠨ ᠵᠠᠷᠢᠮ ᠠᠨᠤ ᠰᠠᠶᠢᠨ ᠰᠢᠷᠣᠢ ᠳᠤᠷ ᠤᠨᠠᠭᠠᠳ᠂ ᠦᠷᠡᠰ ᠢ ᠡᠭᠦᠰᠬᠡᠪᠡᠢ᠃ ᠲᠡᠭᠦᠨ ᠦ ᠵᠠᠷᠢᠮ ᠠᠨᠤ ᠵᠠᠭᠤᠨ ᠳᠠᠪᠬᠤᠷ ᠲᠤ ᠵᠠᠷᠢᠮ ᠠᠨᠤ ᠵᠢᠷᠠᠨ ᠳᠠᠪᠬᠤᠷ ᠲᠤ᠂ ᠵᠠᠷᠢᠮ ᠠᠨᠤ ᠭᠤᠴᠢᠨ ᠳᠠᠪᠬᠤᠷ ᠲᠤ ᠪᠣᠯᠪᠠᠢ᠃ 9᠂ ᠠᠯᠢ ᠬᠡᠨ ᠰᠣᠨᠣᠰᠬᠤᠢ ᠴᠢᠬᠢ ᠲᠦ ᠪᠣᠯᠪᠠᠰᠤ ᠰᠣᠨᠣᠰᠲᠤᠭᠠᠢ ᠶᠢ ᠅ 10᠂ ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠲᠡᠭᠦᠨ ᠳᠦᠷ ᠡᠶᠢᠨ᠃ ᠴᠢ ᠪᠡᠷ ᠶᠠᠭᠤᠨ ᠤ ᠲᠤᠯᠠ ᠦᠯᠢᠭᠡᠷ ᠢᠶᠡᠷ ᠲᠡᠳᠡᠨ ᠳᠦᠷ ᠵᠠᠷᠯᠢᠭ ᠪᠣᠯᠤᠮᠤᠶᠤ᠃ 11᠂ ᠬᠡᠮᠡᠨ ᠠᠶᠢᠯᠳᠬᠠᠭᠰᠠᠨ ᠳᠤᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠣᠭᠲᠠᠷᠭᠤᠢ ᠶᠢᠨ ᠡᠵᠡᠯᠡᠭᠦᠷᠢᠨ ᠦ ᠨᠢᠭᠤᠴᠠ ᠨᠤᠭᠤᠳ ᠢ ᠮᠡᠳᠡᠬᠦᠢ ᠢᠨᠦ ᠲᠠᠨ ᠳᠤᠷ ᠥᠭᠳᠡᠭᠰᠡᠨ ᠪᠣᠯᠪᠠᠴᠤ᠃ ᠲᠡᠳᠡᠨ ᠳᠦᠷ ᠡᠰᠡ ᠥᠭᠳᠡᠭᠰᠡᠨ ᠪᠤᠢ᠃ 12᠂ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠳᠦᠷ ᠪᠤᠢ ᠪᠣᠯᠪᠠᠰᠤ᠂ ᠲᠡᠭᠦᠨ ᠳᠦᠷ ᠦᠯᠡᠮᠵᠢ ᠪᠣᠯᠬᠤ ᠶᠢᠨ ᠲᠤᠯᠠ ᠥᠭᠳᠡᠬᠦ ᠪᠤᠢ᠃ ᠬᠠᠷᠢᠨ ᠠᠯᠢ ᠬᠡᠨ ᠳᠦᠷ ᠦᠭᠡᠢ ᠪᠣᠯᠪᠠᠰᠤ᠂ ᠲᠡᠭᠦᠨᠴᠡ ᠠᠭᠰᠠᠨ ᠠᠨᠤ ᠴᠤ ᠠᠪᠲᠠᠬᠤ ᠪᠤᠢ᠃ 13᠂ ᠲᠡᠶᠢᠮᠦ ᠶᠢᠨ ᠲᠤᠯᠠ ᠪᠢ ᠪᠡᠷ ᠲᠡᠳᠡᠨ ᠳᠦᠷ ᠦᠯᠢᠭᠡᠷ ᠢᠶᠡᠷ ᠵᠠᠷᠯᠢᠭ ᠪᠣᠯᠤᠳᠠᠭ ᠬᠡᠮᠡᠪᠡᠰᠦ᠂ ᠲᠡᠳᠡ ᠢᠨᠦ ᠦᠵᠡᠪᠡᠴᠦ ᠦᠯᠦ ᠦᠵᠡᠨ᠂ ᠰᠣᠨᠣᠰᠪᠠᠴᠤ ᠦᠯᠦ ᠰᠣᠨᠣᠰᠤᠨ᠂ ᠦᠯᠦ ᠴᠤ ᠤᠬᠠᠮᠤᠢ᠃ 14᠂ ᠪᠠᠰᠠ ᠲᠡᠳᠡᠨ ᠳᠦᠷ ᠢᠰᠠᠢ᠌ᠶ᠎ᠠ ᠶᠢᠨ ᠹᠣᠷᠣᠹᠢᠳᠯᠠᠯᠠᠭ᠎ᠠ ᠠᠨᠤ ᠪᠦᠲᠦᠪᠡᠢ᠃ ᠲᠡᠷᠡ ᠢᠨᠦ ᠡᠶᠢᠨ᠃ ᠲᠠ ᠪᠡᠷ ᠰᠣᠨᠣᠰᠬᠤᠢ ᠪᠠᠷ ᠰᠣᠨᠣᠰᠪᠠᠴᠤ ᠦᠯᠦ ᠤᠬᠠᠨ᠃ ᠦᠵᠡᠬᠦᠢ ᠪᠡᠷ ᠦᠵᠡᠪᠡᠴᠦ ᠦᠯᠦ ᠣᠨᠣᠬᠤ ᠪᠤᠢ᠃ 15᠂ ᠲᠡᠷᠡ ᠶᠠᠭᠤᠨ ᠤ ᠲᠤᠯᠠ ᠬᠡᠮᠡᠪᠡᠰᠦ᠂ ᠡᠨᠡ ᠤᠯᠤᠰ ᠤᠨ ᠵᠢᠷᠦᠬᠡ ᠢᠨᠦ ᠪᠦᠳᠦᠭᠦᠨ ᠪᠣᠯᠤᠭᠰᠠᠨ ᠪᠥᠭᠡᠳ᠂ ᠲᠡᠳᠡ ᠢᠨᠦ ᠴᠢᠬᠢᠨ ᠢᠶᠡᠷ ᠢᠶᠡᠨ ᠬᠦᠨᠳᠦ ᠪᠡᠷ ᠰᠣᠨᠣᠰᠤᠨ᠂ ᠨᠢᠳᠦᠳ ᠢᠶᠡᠨ ᠠᠨᠢᠭᠰᠠᠨ ᠪᠤᠢ᠃ ᠲᠡᠷᠡ ᠬᠡᠮᠡᠪᠡᠰᠦ᠂ ᠲᠡᠳᠡᠨ ᠦ ᠬᠡᠵᠢᠶ᠎ᠡ ᠴᠤ ᠨᠢᠳᠦᠳ ᠢᠶᠡᠷ ᠢᠶᠡᠨ ᠦᠯᠦ ᠦᠵᠡᠨ᠂ ᠴᠢᠬᠢᠳ ᠢᠶᠡᠷ ᠢᠶᠡᠨ ᠦᠯᠦ ᠰᠣᠨᠣᠰᠤᠨ᠂ ᠵᠢᠷᠦᠬᠡᠨ ᠢᠶᠡᠷ ᠢᠶᠡᠨ ᠦᠯᠦ ᠤᠬᠠᠨ᠂ ᠦᠯᠦ ᠭᠡᠮᠰᠢᠬᠦ ᠶᠢᠨ ᠲᠤᠯᠠ ᠬᠢᠭᠡᠳ᠂ ᠮᠢᠨᠦ ᠲᠡᠳᠡᠨ ᠢ ᠦᠯᠦ ᠡᠳᠡᠭᠡᠭᠡᠬᠦ ᠶᠢᠨ ᠲᠤᠯᠠ ᠪᠣᠯᠠᠢ᠃ 16᠂ ᠬᠠᠷᠢᠨ ᠲᠠᠨᠤ ᠨᠢᠳᠦᠳ ᠢᠨᠦ ᠦᠵᠡᠳᠡᠭ ᠦᠨ ᠲᠤᠯᠠ ᠠᠮᠤᠭᠤᠯᠠᠠᠠᠠ᠋ [ᠠᠮᠤᠭᠤᠯᠠᠩ] ᠪᠥᠭᠡᠳ᠂ ᠲᠠᠨᠤ ᠴᠢᠬᠢᠳ ᠢᠨᠦ ᠰᠣᠨᠣᠰᠤᠳᠠᠭ ᠤᠨ ᠲᠤᠯᠠ ᠠᠮᠦᠭᠤᠯᠠᠬᠠ᠋ [ᠠᠮᠤᠭᠤᠯᠠᠩ] ᠮᠥᠨ᠃ 17᠂ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠮᠠᠭᠠᠳᠯᠠᠯ ᠥᠭᠦᠯᠡᠪᠡᠢ ᠢᠨᠦ ᠣᠯᠠᠨ ᠹᠣᠷᠣᠹᠢᠳ ᠨᠠᠷ ᠬᠢᠭᠡᠳ ᠵᠥᠪ ᠲᠡᠨ ᠢᠨᠦ ᠲᠠᠨᠤ ᠦᠵᠡᠭᠰᠡᠨ ᠢ ᠦᠵᠡᠬᠦᠶ᠎ᠡ ᠳᠤᠷᠠᠰᠢᠭᠰᠠᠨ ᠪᠣᠯᠪᠠᠴᠤ ᠡᠰᠡ ᠦᠵᠡᠭᠡᠳ᠂ ᠲᠠᠨᠤ ᠰᠣᠨᠣᠰᠤᠭᠰᠠᠨ ᠢ ᠰᠣᠨᠣᠰᠬᠤᠶ᠎ᠠ (ᠳᠤᠷᠠᠰᠢᠭᠰᠠᠨ) ᠪᠣᠯᠪᠠᠴᠤ ᠡᠰᠡ ᠰᠣᠨᠣᠰᠪᠠᠢ᠃ 18᠂ ᠲᠡᠶᠢᠨ ᠪᠥᠭᠡᠲᠡᠯ᠎ᠡ ᠲᠠᠷᠢᠶᠠᠴᠢ ᠶᠢᠨ ᠤᠴᠢᠷ᠎ᠠ ᠦᠯᠢᠭᠡᠷ ᠢ ᠰᠣᠨᠣᠰᠤᠭᠲᠤᠨ᠃ 19᠂ ᠠᠯᠢ ᠬᠡᠨ ᠪᠡᠷ ᠡᠵᠡᠯᠡᠭᠦᠷᠢᠨ ᠦ ᠵᠠᠷᠯᠢᠭ ᠢ ᠰᠣᠨᠣᠰᠤᠨ ᠡᠰᠡ ᠤᠬᠠᠭᠰᠠᠨ ᠪᠣᠯᠪᠠᠰᠤ᠂ ᠬᠢᠯᠢᠨᠴᠡ ᠶᠢᠨ ᠡᠵᠡᠨ ᠢᠨᠦ ᠢᠷᠡᠭᠡᠳ ᠲᠡᠭᠦᠨ ᠦ ᠵᠢᠷᠦᠬᠡᠨ ᠳᠦᠷ ᠲᠠᠷᠢᠭᠰᠠᠨ ᠢ ᠪᠤᠯᠢᠶᠠᠨ ᠠᠪᠤᠮᠤᠢ᠃ ᠡᠨᠡ ᠬᠡᠮᠡᠪᠡᠰᠦ ᠬᠠᠷᠭᠤᠢ ᠶᠢᠨ ᠳᠡᠭᠡᠷ᠎ᠡ ᠲᠠᠷᠢᠭᠳᠠᠭᠰᠠᠨ ᠮᠥᠨ᠃ 20᠂ ᠪᠠᠰᠠ ᠴᠢᠯᠠᠭᠤ ᠲᠤ ᠭᠠᠵᠠᠳ ᠲᠤᠷ ᠲᠠᠷᠢᠭᠳᠠᠭᠰᠠᠨ ᠬᠡᠮᠡᠪᠡᠰᠦ᠂ ᠵᠠᠷᠯᠢᠭ ᠢ ᠰᠣᠨᠣᠰᠤᠭᠠᠳ ᠰᠠᠴᠠ ᠪᠠᠶᠠᠰᠬᠤᠯᠠᠠᠠᠠ᠋ [ᠪᠠᠶᠠᠰᠬᠤᠯᠠᠩ] ᠢᠶᠠᠷ ᠠᠪᠤᠮᠤᠢ᠃ 21᠂ ᠬᠠᠷᠢᠨ ᠲᠡᠷᠡ ᠢᠨᠦ ᠳᠣᠲᠣᠷ᠎ᠠ ᠪᠠ ᠦᠨᠳᠦᠰᠦᠨ ᠦᠭᠡᠢ ᠶᠢᠨ ᠲᠤᠯᠠ ᠥᠴᠦᠬᠡᠨ ᠴᠠᠭ ᠤᠨ ᠲᠡᠳᠦᠢ ᠪᠠᠶᠢᠳᠠᠭ᠃ ᠲᠡᠶᠢᠨ ᠬᠦ ᠵᠠᠷᠯᠢᠭ ᠤᠨ ᠤᠴᠢᠷ᠎ᠠ ᠵᠣᠪᠠᠯᠠᠠᠠᠠ᠋ [ᠵᠣᠪᠠᠯᠠᠩ] ᠡᠰᠡᠪᠡᠰᠦ ᠴᠦᠬᠡᠭᠡᠯ ᠪᠣᠯᠬᠤ ᠪᠥᠭᠡᠰᠦ᠂ ᠲᠡᠷᠡ ᠢᠨᠦ ᠳᠠᠷᠤᠢ ᠰᠡᠵᠢᠭᠯᠡᠬᠦ ᠪᠤᠢ᠃ 22᠂ ᠪᠠᠰᠠ ᠥᠷᠭᠡᠰᠦ ᠲᠦ ᠬᠠᠯᠠᠭᠠᠢ ᠳᠤᠷ ᠲᠠᠷᠢᠭᠳᠠᠭᠰᠠᠨ ᠬᠡᠮᠡᠪᠡᠰᠦ᠂ ᠵᠠᠷᠯᠢᠭ ᠢ ᠰᠣᠨᠣᠰᠪᠠᠴᠤ᠂ ᠡᠨᠡ ᠶᠢᠷᠲᠢᠨᠴᠦ ᠶᠢᠨ ᠰᠠᠨᠰᠠᠷ ᠤᠳ ᠬᠢᠭᠡᠳ ᠪᠠᠶᠠᠵᠢᠯ ᠤᠨ ᠮᠡᠬᠡ ᠢᠨᠦ ᠵᠠᠷᠯᠢᠭ ᠢ ᠬᠠᠪᠴᠢᠨ᠂ ᠦᠷ᠎ᠡ ᠦᠭᠡᠢ ᠪᠣᠯᠭᠠᠮᠤᠢ᠃ 23᠂ ᠵᠦᠭᠡᠷ ᠰᠠᠶᠢᠨ ᠰᠢᠷᠣᠢ ᠳᠤᠷ ᠲᠠᠷᠢᠭᠳᠠᠭᠰᠠᠨ ᠬᠡᠮᠡᠪᠡᠰᠦ᠂ ᠵᠠᠷᠯᠢᠭ ᠢ ᠰᠣᠨᠣᠰᠤᠨ ᠤᠬᠠᠭᠠᠳ᠂ ᠦᠷ᠎ᠡ ᠶᠢ ᠴᠤ ᠡᠭᠦᠰᠬᠡᠨᠨ᠂ ᠵᠠᠷᠢᠮ ᠢ ᠵᠠᠭᠤᠨ ᠳᠠᠪᠬᠤᠷ ᠲᠤ᠂ ᠵᠠᠷᠢᠮ ᠢ ᠵᠢᠷᠠᠨ ᠳᠠᠪᠬᠤᠷ ᠲᠤ᠂ ᠵᠠᠷᠢᠮ ᠢ ᠭᠤᠴᠢᠨ ᠳᠠᠪᠬᠤᠷ ᠲᠤ ᠪᠣᠯᠭᠠᠮᠤᠢ᠃ ᠬᠡᠮᠡᠨ ᠵᠠᠷᠯᠢᠭ ᠪᠣᠯᠪᠠᠢ ᠅ 24᠂ ᠪᠠᠰᠠ ᠲᠡᠷᠡ ᠢᠨᠦ ᠪᠤᠰᠤ ᠦᠯᠢᠭᠡᠷ ᠵᠠᠷᠯᠢᠭ ᠪᠣᠯᠤᠷᠤᠨ᠃ ᠣᠭᠲᠠᠷᠭᠤᠢ ᠶᠢᠨ ᠡᠵᠡᠯᠡᠭᠦᠷᠢ ᠢᠨᠦ ᠲᠠᠷᠢᠶᠠᠯᠠᠠᠠᠠ᠋ [ᠲᠠᠷᠢᠶᠠᠯᠠᠩ] ᠳᠠᠭᠠᠨ ᠰᠠᠶᠢᠨ ᠬᠥᠷᠦᠩᠭᠡ ᠶᠢ ᠲᠠᠷᠢᠭᠰᠠᠨ ᠬᠦᠮᠦᠨ ᠳᠦᠷ ᠠᠳᠠᠯᠢ ᠪᠤᠢ᠃ 25᠂ ᠬᠠᠷᠢᠨ ᠬᠦᠮᠦᠨ ᠨᠦᠭᠦᠳ ᠦᠨ ᠤᠮᠲᠠᠬᠤᠢ ᠳᠤᠷ ᠲᠡᠭᠦᠨ ᠦ ᠳᠠᠶᠢᠰᠤᠨ ᠠᠨᠤ ᠢᠷᠡᠭᠡᠳ᠂ ᠪᠤᠭᠤᠳᠠᠢ ᠶᠢᠨ ᠵᠠᠪᠰᠠᠷ ᠢᠶᠠᠷ ᠮᠠᠭᠤ ᠡᠪᠦᠰᠦᠨ ᠢ ᠲᠠᠷᠢᠭᠠᠳ ᠣᠳᠪᠠᠢ᠃ 26᠂ ᠲᠡᠶᠢᠨ ᠬᠦ ᠲᠠᠷᠢᠶᠠᠨ ᠤ ᠤᠷᠭᠤᠭᠠᠳ ᠦᠷ᠎ᠡ ᠶᠢ ᠡᠭᠦᠰᠬᠡᠬᠦᠢ ᠳᠦᠷ᠂ ᠲᠡᠨᠳᠡ ᠮᠠᠭᠤ ᠡᠪᠡᠰᠦᠨ ᠴᠤ ᠦᠵᠡᠭᠳᠡᠪᠡᠢ᠃ 27᠂ ᠲᠡᠶᠢᠨ ᠠᠬᠤᠶ᠎ᠠ ᠲᠡᠷᠡ ᠬᠦ ᠡᠵᠡᠨ ᠦ ᠪᠣᠭᠣᠯ ᠤᠳ ᠠᠨᠤ ᠢᠷᠡᠭᠡᠳ ᠲᠡᠭᠦᠨ ᠳᠦᠷ ᠥᠭᠦᠯᠡᠷᠦᠨ᠃ ᠡᠵᠡᠨ ᠡ᠂ ᠴᠢ ᠪᠡᠷ ᠲᠠᠷᠢᠶᠠᠯᠠᠠᠠᠠ᠋ [ᠲᠠᠷᠢᠶᠠᠯᠠᠩ] ᠳᠠᠭᠠᠨ ᠰᠠᠶᠢᠨ ᠬᠥᠷᠦᠩᠭᠡ ᠶᠢ ᠲᠠᠷᠢᠭᠰᠠᠨ ᠪᠢᠰᠢᠶᠦ᠃ ᠲᠡᠶᠢᠨ ᠪᠥᠭᠡᠲᠡᠯ᠎ᠡ ᠮᠠᠭᠤ ᠡᠪᠡᠰᠦᠨ ᠢᠨᠦ ᠬᠠᠮᠢᠭ᠎ᠠ ᠠᠴᠠ ᠪᠣᠯᠤᠭᠰᠠᠨ ᠪᠤᠶᠤ᠃ 28᠂ ᠬᠡᠮᠡᠨ ᠥᠭᠦᠯᠡᠭᠰᠡᠨ ᠳᠦᠷ ᠲᠡᠷᠡ ᠢᠨᠦ ᠲᠡᠳᠡᠨ ᠳᠦᠷ ᠥᠭᠦᠯᠡᠷᠦᠨ᠃ ᠨᠢᠭᠡᠨ ᠳᠠᠶᠢᠰᠤᠨ ᠬᠦᠮᠦᠨ ᠢᠨᠦ ᠡᠭᠦᠨ ᠢ ᠦᠢᠯᠡᠳᠦᠭᠰᠡᠨ ᠪᠤᠢ᠃ ᠬᠡᠮᠡᠭᠰᠡᠨ ᠳᠦᠷ ᠪᠣᠭᠣᠯ ᠤᠳ ᠠᠨᠤ ᠲᠡᠭᠦᠨ ᠳᠦᠷ ᠥᠭᠦᠯᠡᠷᠦᠨ᠃ ᠪᠢᠳᠡᠨ ᠦ ᠣᠳᠤᠭᠠᠳ ᠲᠡᠭᠦᠨ ᠢ ᠰᠤᠭᠤᠯᠬᠤᠢ ᠶᠢ ᠴᠢ ᠪᠡᠷ ᠳᠤᠷᠠᠰᠢᠮᠤᠶᠤ᠃ 29᠂ ᠬᠡᠮᠡᠭᠰᠡᠨ ᠳᠦᠷ ᠲᠡᠷᠡ ᠢᠨᠦ ᠥᠭᠦᠯᠡᠷᠦᠨ᠃ ᠲᠡᠶᠢᠨ ᠪᠤᠰᠤ᠃ ᠲᠠ ᠪᠡᠷ ᠮᠠᠭᠤ ᠡᠪᠡᠰᠦᠨ ᠢ ᠰᠤᠭᠤᠯᠤᠨ ᠠᠲᠠᠯ᠎ᠠ ᠪᠤᠭᠤᠳᠠᠢ ᠶᠢ ᠴᠢ ᠬᠠᠮᠲᠤ ᠪᠠᠷ ᠭᠠᠷᠭᠠᠬᠤ ᠪᠣᠯᠤᠭᠤᠵᠠᠢ᠃ 30᠂ ᠬᠤᠷᠢᠶᠠᠬᠤᠢ ᠴᠠᠭ ᠪᠣᠯᠲᠠᠯ᠎ᠠ ᠬᠣᠶᠠᠭᠤᠯᠠ ᠠᠨᠤ ᠬᠠᠮᠲᠤ ᠪᠠᠷ ᠤᠷᠭᠤᠲᠤᠭᠠᠢ ᠶᠢ᠃ ᠲᠡᠶᠢᠨ ᠬᠦ ᠬᠤᠷᠢᠶᠠᠬᠤᠢ ᠴᠠᠭ ᠪᠣᠯᠬᠤᠢ ᠳᠤᠷ ᠪᠢ ᠪᠡᠷ ᠬᠠᠳᠤᠭᠴᠢᠳ ᠲᠤᠷ ᠡᠶᠢᠨ᠃ ᠮᠠᠭᠤ ᠡᠪᠡᠰᠦᠨ ᠢ ᠲᠦᠯᠡᠬᠦ ᠶᠢᠨ ᠲᠤᠯᠠ ᠤᠷᠢᠳᠠᠭᠠᠷ ᠪᠣᠭᠤᠯᠲᠠ ᠪᠠᠷ ᠪᠣᠭᠤᠭᠲᠤᠨ᠃ ᠬᠠᠷᠢᠨ ᠪᠤᠭᠤᠳᠠᠢ ᠶᠢ ᠮᠢᠨᠦ ᠬᠠᠳᠠᠭᠠᠯᠠᠳᠠᠭ ᠭᠡᠷ ᠲᠦᠷ ᠬᠤᠷᠢᠶᠠᠭᠲᠤᠨ᠃ ᠬᠡᠮᠡᠨ ᠥᠭᠦᠯᠡᠬᠦ ᠪᠤᠢ ᠅ 31᠂ ᠪᠠᠰᠠ ᠲᠡᠷᠡ ᠢᠨᠦ ᠲᠡᠳᠡᠨ ᠳᠦᠷ ᠪᠤᠰᠤ ᠨᠢᠭᠡ ᠦᠯᠢᠭᠡᠷ ᠵᠠᠷᠯᠢᠭ ᠪᠣᠯᠤᠷᠤᠨ᠃ ᠣᠭᠲᠠᠷᠭᠤᠢ ᠶᠢᠨ ᠡᠵᠡᠯᠡᠭᠦᠷᠢ ᠢᠨᠦ ᠨᠢᠭᠡ ᠬᠦᠮᠦᠨ ᠦ ᠲᠠᠷᠢᠶᠠᠯᠠᠠᠠᠠ᠋ [ᠲᠠᠷᠢᠶᠠᠯᠠᠩ] ᠳᠠᠭᠠᠨ ᠲᠠᠷᠢᠭᠰᠠᠨ ᠭᠠᠶᠢᠮᠤ ᠶᠢᠨ ᠬᠥᠷᠦᠩᠭᠡ ᠯᠦᠭᠡ ᠠᠳᠠᠯᠢ ᠪᠤᠢ᠃ 32᠂ ᠲᠡᠷᠡ ᠢᠨᠦ ᠲᠠᠷᠢᠭᠳᠠᠬᠤᠢ ᠳᠤᠷ ᠬᠠᠮᠤᠭ ᠬᠥᠷᠦᠩᠭᠡ ᠡᠴᠡ ᠪᠠᠭ᠎ᠠ ᠠᠪᠠᠴᠤ᠂ ᠤᠷᠭᠤᠬᠤᠢ ᠳᠤᠷ ᠠᠯᠢᠪᠠ ᠴᠤ ᠨᠤᠭᠤ ᠠᠴᠠ ᠶᠡᠬᠡ ᠪᠣᠯᠤᠭᠠᠳ ᠮᠣᠳᠤᠨ ᠪᠣᠯᠤᠮᠤᠢ᠃ ᠣᠭᠲᠠᠷᠭᠤᠢ ᠪᠠᠷ ᠨᠢᠰᠦᠭᠴᠢ ᠰᠢᠪᠠᠭᠤᠳ ᠴᠤ ᠢᠷᠡᠭᠡᠳ ᠲᠡᠭᠦᠨ ᠦ ᠬᠡᠰᠢᠭᠦᠳ ᠦᠨ ᠳᠤᠮᠳᠠ ᠣᠷᠣᠰᠢᠮᠤᠢ ᠅ 33᠂ ᠪᠠᠰᠠ ᠲᠡᠷᠡ ᠢᠨᠦ ᠲᠡᠳᠡᠨ ᠳᠦᠷ ᠪᠤᠰᠤ ᠦᠯᠢᠭᠡᠷ ᠵᠠᠷᠯᠢᠭ ᠪᠣᠯᠤᠷᠤᠨ᠃ ᠣᠭᠲᠠᠷᠭᠤᠢ ᠶᠢᠨ ᠡᠵᠡᠯᠡᠭᠦᠷᠢ ᠢᠨᠦ ᠨᠢᠭᠡ ᠢᠰᠬᠡᠭᠰᠡᠨ ᠭᠤᠯᠢᠷ ᠯᠤᠭ᠎ᠠ ᠠᠳᠠᠯᠢ ᠪᠤᠢ᠃ ᠲᠡᠭᠦᠨ ᠢ ᠨᠢᠭᠡ ᠡᠮ᠎ᠡ ᠢᠨᠦ ᠭᠤᠷᠪᠠᠨ ᠬᠡᠮᠵᠢᠭᠦᠷ ᠦᠨ ᠲᠡᠳᠦᠢ ᠭᠤᠯᠢᠷ ᠲᠤᠷ ᠨᠢᠭᠤᠭᠠᠳ ᠬᠠᠮᠤᠭ ᠤᠨ ᠢᠰᠲᠡᠯ᠎ᠡ ᠪᠠᠶᠢᠯᠭᠠᠪᠠᠢ ᠅ 34᠂ ᠢᠢᠰᠦᠰ ᠢᠨᠦ ᠡᠳᠡ ᠬᠠᠮᠤᠭ ᠨᠤᠭᠤᠳ ᠢ ᠤᠯᠤᠰ ᠲᠤᠷ ᠦᠯᠢᠭᠡᠷ ᠢᠶᠡᠷ ᠵᠠᠷᠯᠢᠭ ᠪᠣᠯᠵᠤ᠂ ᠦᠯᠢᠭᠡᠷ ᠦᠭᠡᠢ ᠪᠡᠷ ᠶᠠᠭᠤᠨ ᠢ ᠴᠤ ᠵᠠᠷᠯᠢᠭ ᠡᠰᠡ ᠪᠣᠯᠤᠯᠤᠭ᠎ᠠ᠃ 35᠂ ᠡᠨᠡ ᠬᠡᠮᠡᠪᠡᠰᠦ ᠹᠣᠷᠣᠹᠢᠳ ᠤᠨ ᠥᠭᠦᠯᠡᠭᠰᠡᠨ ᠦ ᠪᠦᠲᠦᠬᠦ ᠶᠢᠨ ᠲᠤᠯᠠ ᠪᠦᠯᠦᠭᠡ᠃ ᠥᠭᠦᠯᠡᠭᠰᠡᠨ ᠢᠨᠦ ᠡᠶᠢᠨ᠃ ᠪᠢ ᠪᠡᠷ ᠠᠮᠠᠨ ᠢᠶᠠᠨ ᠦᠯᠢᠭᠡᠷ ᠦᠳ ᠢᠶᠡᠷ ᠨᠡᠭᠡᠨ᠂ ᠶᠢᠷᠲᠢᠨᠴᠦ ᠶᠢᠨ ᠡᠬᠢᠨ ᠡᠴᠡ ᠨᠢᠭᠤᠭᠳᠠᠭᠰᠠᠨ ᠨᠤᠭᠤᠳ ᠢ ᠥᠭᠦᠯᠡᠰᠦ᠃ ᠬᠡᠮᠡᠯᠦᠭᠡ ᠅ 36᠂ ᠲᠡᠷᠡ ᠴᠠᠭ ᠲᠤᠷ ᠢᠢᠰᠦᠰ ᠢᠨᠦ ᠤᠯᠤᠰ ᠢ ᠲᠠᠷᠬᠠᠭᠠᠭᠠᠳ ᠭᠡᠷ ᠲᠦᠷ ᠣᠷᠣᠪᠠᠢ᠃ ᠲᠡᠶᠢᠨ ᠬᠦ ᠲᠡᠭᠦᠨ ᠦ ᠱᠠᠪᠢᠨᠠᠷ ᠠᠨᠤ ᠲᠡᠭᠦᠨ ᠳᠦᠷ ᠢᠷᠡᠭᠡᠳ ᠠᠶᠢᠯᠳᠬᠠᠷᠤᠨ᠃ ᠲᠠᠷᠢᠶᠠᠯᠠᠠᠠᠠ᠋ [ᠲᠠᠷᠢᠶᠠᠯᠠᠩ] ᠤᠨ ᠮᠠᠭᠤ ᠡᠪᠡᠰᠦᠨ ᠦ ᠤᠴᠢᠷ᠎ᠠ ᠦᠯᠢᠭᠡᠷ ᠢ ᠪᠢᠳᠡᠨ ᠳᠦᠷ ᠦᠵᠡᠭᠦᠯᠦᠨ ᠰᠣᠶᠤᠷᠬ᠎ᠠ᠃ 37᠂ ᠬᠡᠮᠡᠨ ᠠᠶᠢᠯᠳᠬᠠᠭᠰᠠᠨ ᠳᠤᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠰᠠᠶᠢᠨ ᠬᠥᠷᠦᠩᠭᠡ ᠶᠢ ᠲᠠᠷᠢᠭᠴᠢ ᠬᠡᠮᠡᠪᠡᠰᠦ ᠬᠦᠮᠦᠨ ᠲᠥᠷᠥᠯᠬᠢᠲᠦ ᠠᠮᠤᠢ᠃ 38᠂ ᠲᠠᠷᠢᠶᠠᠯᠠᠠᠠᠠ᠋ [ᠲᠠᠷᠢᠶᠠᠯᠠᠩ] ᠬᠡᠮᠡᠪᠡᠰᠦ ᠶᠢᠷᠲᠢᠨᠴᠦ ᠠᠮᠤᠢ᠃ ᠰᠠᠶᠢᠨ ᠬᠥᠷᠦᠩᠭᠡ ᠬᠡᠮᠡᠪᠡᠰᠦ ᠡᠵᠡᠯᠡᠭᠦᠷᠢᠨ ᠦ ᠬᠤᠪᠢᠲᠠᠨ ᠪᠤᠢ᠃ ᠬᠠᠷᠢᠨ ᠮᠠᠭᠤ ᠡᠪᠡᠰᠦᠨ ᠬᠡᠮᠡᠪᠡᠰᠦ ᠬᠢᠯᠢᠨᠴᠡ ᠶᠢᠨ ᠡᠵᠡᠨ ᠦ ᠦᠷᠡᠰ ᠪᠤᠢ᠃ 39᠂ ᠲᠡᠳᠡᠨ ᠢ ᠲᠠᠷᠢᠭᠴᠢ ᠳᠠᠶᠢᠰᠤᠨ ᠬᠡᠮᠡᠪᠡᠰᠦ ᠴᠢᠳᠬᠦᠷ ᠪᠤᠢ᠂ ᠬᠤᠷᠢᠶᠠᠬᠤᠢ ᠴᠠᠭ ᠬᠡᠮᠡᠪᠡᠰᠦ ᠶᠢᠷᠲᠢᠨᠴᠦ ᠶᠢᠨ ᠡᠴᠦᠰ ᠮᠥᠨ᠃ ᠬᠠᠳᠤᠭᠴᠢᠳ ᠬᠡᠮᠡᠪᠡᠰᠦ ᠠᠩᠭᠢᠯ ᠤᠳ ᠪᠤᠢ᠃ 40᠂ ᠲᠡᠶᠢᠨ ᠬᠦ ᠮᠠᠭᠤ ᠡᠪᠡᠰᠦᠨ ᠦ ᠬᠤᠷᠢᠶᠠᠭᠳᠠᠨ ᠭᠠᠯ ᠢᠶᠠᠷ ᠲᠦᠯᠡᠭᠳᠡᠳᠡᠡᠡ᠋ [ᠲᠥᠯᠡᠭᠳᠡᠳᠡᠭ] ᠮᠡᠲᠦ᠂ ᠲᠡᠭᠦᠨᠴᠢᠯᠡᠨ ᠡᠨᠡ ᠶᠢᠷᠲᠢᠨᠴᠦ ᠶᠢᠨ ᠡᠴᠦᠰ ᠲᠦᠷ ᠪᠣᠯᠬᠤ ᠬᠡᠮᠡᠪᠡᠰᠦ᠃ 41᠂ ᠬᠦᠮᠦᠨ ᠲᠥᠷᠥᠯᠬᠢᠲᠦ ᠢᠨᠦ ᠠᠩᠭᠢᠯ ᠤᠳ ᠢᠶᠠᠨ ᠢᠯᠡᠭᠡᠬᠦ ᠪᠥᠭᠡᠳ᠃ ᠲᠡᠳᠡ ᠢᠨᠦ ᠲᠡᠭᠦᠨ ᠦ ᠡᠵᠡᠯᠡᠭᠦᠷᠢᠨ ᠡᠴᠡ ᠠᠯᠢᠪᠠ ᠴᠤ ᠪᠤᠷᠤᠭᠤ ᠲᠤ ᠶᠠᠭᠤᠮ᠎ᠠ ᠬᠢᠭᠡᠳ ᠵᠥᠪ ᠪᠤᠰᠤ ᠶᠢ ᠦᠢᠯᠡᠳᠦᠭᠴᠢᠳ ᠢ ᠬᠤᠷᠢᠶᠠᠭᠠᠳ᠃ 42᠂ ᠨᠢᠭᠡ ᠭᠠᠯ ᠤᠨ ᠭᠠᠤ ᠳᠤᠷ ᠬᠠᠶᠠᠬᠤ ᠪᠤᠢ᠃ ᠲᠡᠨᠳᠡ ᠴᠤᠷᠬᠢᠷᠠᠯᠭ᠎ᠠ ᠬᠢᠭᠡᠳ ᠰᠢᠲᠦᠨ ᠦ ᠬᠠᠪᠴᠢᠭᠢᠨᠠᠯᠭ᠎ᠠ ᠪᠣᠯᠬᠤ ᠪᠣᠯᠤᠶᠤ᠃ 43᠂ ᠲᠡᠷᠡ ᠴᠠᠭ ᠲᠤᠷ ᠵᠥᠪ ᠲᠡᠨ ᠢᠨᠦ ᠥᠪᠡᠷ ᠦᠨ ᠡᠴᠢᠭᠡ ᠶᠢᠨ ᠡᠵᠡᠯᠡᠭᠦᠷᠢᠨ ᠳᠦᠷ ᠨᠠᠷᠠᠨ ᠮᠡᠲᠦ ᠭᠢᠯᠪᠡᠯᠵᠡᠬᠦ ᠪᠤᠢ᠃ ᠰᠣᠨᠣᠰᠬᠤᠢ ᠴᠢᠬᠢ ᠲᠦ ᠢᠨᠦ ᠰᠣᠨᠣᠰᠬᠤ ᠪᠣᠯᠲᠤᠭᠠᠢ ᠅ 44᠂ ᠵᠢᠴᠢ ᠪᠠᠰᠠ ᠣᠭᠲᠠᠷᠭᠤᠢ ᠶᠢᠨ ᠡᠵᠡᠯᠡᠭᠦᠷᠢ ᠢᠨᠦ ᠲᠠᠷᠢᠶᠠᠯᠠᠩ ᠳᠤᠷ ᠨᠢᠭᠤᠭᠳᠠᠭᠰᠠᠨ ᠰᠠᠠᠠᠠ᠋ [ᠱᠠᠩ] ᠯᠤᠭ᠎ᠠ ᠠᠳᠠᠯᠢ ᠪᠤᠢ᠃ ᠲᠡᠭᠦᠨ ᠢ ᠨᠢᠭᠡ ᠬᠦᠮᠦᠨ ᠢᠨᠦ ᠣᠯᠤᠭᠰᠠᠨ ᠤ ᠬᠣᠶᠢᠨᠠ ᠨᠢᠭᠤᠭᠠᠳ᠂ ᠶᠡᠬᠡ ᠪᠠᠶᠠᠰᠬᠤᠯᠠᠠᠠᠠ᠋ [ᠪᠠᠶᠠᠰᠬᠤᠯᠠᠩ] ᠲᠤ ᠪᠠᠷ ᠣᠳᠴᠤ ᠬᠠᠮᠤᠭ ᠠᠭᠰᠠᠨ ᠢᠶᠠᠨ ᠬᠤᠳᠠᠯᠳᠤᠭᠠᠳ᠂ ᠲᠡᠷᠡ ᠬᠦ ᠲᠠᠷᠢᠶᠠᠯᠠᠠᠠᠠ᠋ [ᠲᠠᠷᠢᠶᠠᠯᠠᠩ] ᠢ ᠬᠤᠳᠠᠯᠳᠤᠨ ᠠᠪᠤᠪᠠᠢ ᠅ 45᠂ ᠪᠠᠰᠠ ᠣᠭᠲᠠᠷᠭᠤᠢ ᠶᠢᠨ ᠡᠵᠡᠯᠡᠭᠦᠷᠢ ᠢᠨᠦ ᠰᠠᠶᠢᠨ ᠰᠤᠪᠤᠳ ᠤᠳ ᠢ ᠪᠡᠳᠡᠷᠢᠭ᠍ᠴᠢ ᠮᠠᠶᠢᠮᠠᠭᠠᠴᠢ ᠬᠦᠮᠦᠨ ᠯᠦᠭᠡ ᠠᠳᠠᠯᠢ ᠪᠤᠢ᠃ 46᠂ ᠲᠡᠷᠡ ᠢᠨᠦ ᠨᠢᠭᠡ ᠶᠡᠬᠡ ᠦᠨᠡᠲᠦ ᠰᠤᠪᠤᠳ ᠢ ᠣᠯᠤᠭᠰᠠᠨ ᠤ ᠬᠣᠶᠢᠨᠠ ᠣᠳᠤᠭᠠᠳ᠂ ᠬᠠᠮᠤᠭ ᠠᠭᠰᠠᠨ ᠢᠶᠠᠨ ᠬᠤᠳᠠᠯᠳᠤᠭᠠᠳ᠂ ᠲᠡᠭᠦᠨ ᠢ ᠬᠤᠳᠠᠯᠳᠤᠨ ᠠᠪᠤᠪᠠᠢ ᠅ 47᠂ ᠪᠠᠰᠠ ᠣᠭᠲᠠᠷᠭᠤᠢ ᠶᠢᠨ ᠡᠵᠡᠯᠡᠭᠦᠷᠢ ᠢᠨᠦ ᠳᠠᠯᠠᠢ ᠳᠤᠷ ᠬᠠᠶᠠᠭᠳᠠᠭᠰᠠᠨ ᠬᠢᠭᠡᠳ ᠵᠦᠢᠯ ᠪᠦᠷᠢᠨ ( ᠦ ᠵᠢᠭᠠᠰᠤᠨ) ᠢ ᠬᠤᠷᠢᠶᠠᠭᠰᠠᠨ ᠭᠥᠯᠮᠢ ᠯᠦᠭᠡ ᠠᠳᠠᠯᠢ ᠪᠤᠢ᠃ 48᠂ ᠲᠡᠭᠦᠨ ᠦ ᠲᠦᠷᠬᠦᠷᠬᠡᠭᠳᠡᠭᠰᠡᠨ ᠳᠦᠷ (ᠬᠦᠮᠦᠨ ᠨᠦᠭᠦᠳ ᠢᠨᠦ) ᠭᠠᠵᠠᠷ ᠲᠤᠷ ᠲᠠᠲᠠᠭᠠᠳ᠂ ᠲᠡᠨᠳᠡ ᠰᠠᠭᠤᠵᠤ ᠰᠠᠶᠢᠨ ᠨᠤᠭᠤᠳ ᠢ ᠰᠠᠪᠠᠰ ᠲᠤᠷ ᠬᠤᠷᠢᠶᠠᠭᠠᠳ᠂ ᠮᠠᠭᠤ ᠨᠤᠭᠤᠳ ᠢ ᠭᠠᠳᠠᠨᠠ ᠬᠠᠶᠠᠪᠠᠢ᠃ 49᠂ ᠡᠨᠡ ᠮᠡᠲᠦ ᠪᠡᠷ ᠶᠢᠷᠲᠢᠨᠴᠦ ᠶᠢᠨ ᠡᠴᠦᠰ ᠲᠦᠷ ᠪᠣᠯᠬᠤ ᠬᠡᠮᠡᠪᠡᠰᠦ᠂ ᠠᠩᠭᠢᠯ ᠤᠳ ᠠᠨᠤ ᠭᠠᠷᠴᠤ᠂ ᠪᠤᠷᠤᠭᠤ ᠲᠠᠨ ᠢ ᠵᠥᠪ ᠲᠡᠨ ᠡᠴᠡ ᠰᠠᠯᠭᠠᠭᠠᠳ᠃ 50᠂ ᠲᠡᠳᠡᠨ ᠢ ᠭᠠᠯ ᠤᠨ ᠭᠠᠤ ᠳᠤᠷ ᠬᠠᠶᠠᠬᠤ ᠪᠤᠢ᠃ ᠲᠡᠨᠳᠡ ᠴᠤᠷᠬᠢᠷᠠᠯᠭ᠎ᠠ ᠬᠢᠭᠡᠳ ᠰᠢᠳᠦᠨ ᠦ ᠬᠠᠪᠴᠢᠭᠢᠨᠠᠯᠭ᠎ᠠ ᠪᠣᠯᠬᠤ ᠪᠤᠢ ᠅ 51᠂ ᠬᠡᠮᠡᠨ ᠵᠠᠷᠯᠢᠭ ᠪᠣᠯᠤᠭᠠᠳ ᠢᠢᠰᠦᠰ ᠢᠨᠦ ᠲᠡᠳᠡᠨ ᠳᠦᠷ ᠡᠶᠢᠨ᠃ ᠲᠠ ᠪᠡᠷ ᠡᠳᠡ ᠬᠠᠮᠤᠭ ᠢ ᠤᠬᠠᠪᠤᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ᠂ ᠡᠵᠡᠨ᠋᠎ᠡ᠂ ᠪᠢᠳᠡ ᠪᠡᠷ ᠤᠬᠠᠪᠠᠢ᠃ 52᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠲᠡᠶᠢᠮᠦ ᠶᠢᠨ ᠲᠤᠯᠠ ᠠᠯᠢᠪᠠ ᠣᠭᠲᠠᠷᠭᠤᠢ ᠶᠢᠨ ᠡᠵᠡᠯᠡᠭᠦᠷᠢᠨ ᠦ ᠤᠴᠢᠷ᠎ᠠ ᠰᠤᠷᠤᠭᠰᠠᠨ ᠨᠣᠮ ᠵᠢᠭᠠᠭᠴᠢ ᠠᠨᠤ ᠰᠢᠨᠡ ᠬᠢᠭᠡᠳ ᠬᠠᠭᠤᠴᠢᠨ ᠨᠤᠭᠤᠳ ᠢ ᠰᠠᠠᠠᠠ᠋ [ᠱᠠᠩ] ᠡᠴᠡᠭᠡᠨ ᠭᠠᠷᠭᠠᠭᠴᠢ ᠭᠡᠷ ᠦᠨ ᠡᠵᠡᠨ ᠯᠦᠭᠡ ᠠᠳᠠᠯᠢ ᠪᠤᠢ᠃ ᠬᠡᠮᠡᠨ ᠵᠠᠷᠯᠢᠭ ᠪᠣᠯᠪᠠᠢ᠃ 53᠂ ᠲᠡᠶᠢᠨ ᠪᠥᠭᠡᠳ ᠢᠢᠰᠦᠰ ᠢᠨᠦ ᠡᠳᠡ ᠦᠯᠢᠭᠡᠷ ᠵᠠᠷᠯᠢᠭ ᠤᠳ ᠢ ᠳᠠᠭᠤᠰᠤᠭᠠᠳ ᠲᠡᠨᠳᠡᠴᠡ ᠬᠠᠭᠠᠴᠠᠭᠠᠳ᠃ 54᠂ ᠥᠪᠡᠷᠦᠨ ᠨᠤᠲᠤᠭ ᠲᠤᠷ ᠬᠦᠷᠦᠭᠡᠳ ᠬᠤᠷᠠᠯ ᠤᠨ ᠳᠣᠲᠣᠷ᠎ᠠ ᠲᠡᠳᠡᠨ ᠢ ᠰᠤᠷᠭᠠᠨ ᠠᠪᠠᠢ᠃ ᠲᠡᠶᠢᠨ ᠬᠦ ᠲᠡᠳᠡ ᠢᠨᠦ ᠭᠠᠶᠢᠬᠠᠯᠴᠠᠨ ᠡᠶᠢᠨ ᠥᠭᠦᠯᠡᠯᠳᠦᠷᠦᠨ᠃ ᠲᠡᠭᠦᠨ ᠳᠦᠷ ᠡᠨᠡ ᠰᠡᠴᠡᠨ ᠬᠢᠭᠡᠳ ᠬᠦᠴᠦᠨ ᠢᠨᠦ ᠬᠠᠮᠢᠭ᠎ᠠ ᠠᠴᠠ ᠪᠤᠶᠤ᠃ 55᠂ ᠡᠨᠡ ᠢᠨᠦ ᠳᠠᠷᠬᠠᠨ ᠤ ᠬᠥᠪᠡᠭᠦᠨ ᠪᠢᠰᠢᠶᠦ᠃ ᠲᠡᠭᠦᠨ ᠦ ᠡᠬᠡ ᠢᠨᠦ ᠮᠠᠷᠢᠶ᠎ᠠ ᠨᠡᠷᠡᠲᠦ ᠪᠢᠰᠢᠶᠦ᠃ ᠪᠠᠰᠠ ᠲᠡᠭᠦᠨ ᠦ ᠳᠡᠭᠦᠦ ᠨᠠᠷ ᠬᠡᠮᠡᠪᠡᠰᠦ᠂ ᠵᠠᠺᠣᠪ ᠬᠢᠭᠡᠳ ᠶᠣᠰᠢ ᠪᠠ ᠰᠢᠢᠮᠣᠨ ᠬᠢᠭᠡᠳ ᠵᠦᠳᠡ᠋ ᠪᠢᠰᠢᠶᠦ᠃ 56᠂ ᠪᠠᠰᠠ ᠲᠡᠭᠦᠨ ᠦ ᠥᠬᠢᠨ ᠳᠡᠭᠦᠦ ᠨᠠᠷ ᠬᠡᠮᠡᠪᠡᠰᠦ᠂ ᠲᠡᠳᠡ ᠪᠦᠭᠦᠳᠡᠭᠡᠷ ᠪᠢᠳᠡᠨ ᠦ ᠡᠨᠳᠡ ᠪᠤᠢ ᠪᠢᠰᠢᠶᠦ᠃ ᠲᠡᠶᠢᠨ ᠪᠥᠭᠡᠲᠡᠯ᠎ᠡ ᠲᠡᠭᠦᠨ ᠳᠦᠷ ᠡᠳᠡ ᠬᠠᠮᠤᠭ ᠨᠤᠭᠤᠳ ᠠᠨᠤ ᠬᠠᠮᠢᠭ᠎ᠠ ᠠᠴᠠ ᠪᠤᠶᠤ᠃ ᠬᠡᠮᠡᠯᠳᠦᠭᠡᠳ ᠲᠡᠭᠦᠨ ᠦ ᠤᠴᠢᠷ᠎ᠠ ᠰᠤᠨᠵᠢᠨ ᠢ ᠲᠥᠷᠥᠪᠡᠢ ᠅ 57᠂ ᠬᠠᠷᠢᠨ ᠢᠢᠰᠦᠰ ᠢᠨᠦ ᠲᠡᠳᠡᠨ ᠳᠦᠷ ᠡᠶᠢᠨ᠃ ᠹᠣᠷᠣᠹᠢᠳ ᠠᠨᠤ ᠥᠪᠡᠷᠦᠨ ᠨᠤᠲᠤᠭ ᠬᠢᠭᠡᠳ ᠥᠪᠡᠷᠦᠨ ᠭᠡᠷ ᠲᠦᠷ ᠡᠴᠡ ᠪᠤᠰᠤᠳ ᠲᠤᠷ ᠬᠦᠨᠳᠦᠯᠡᠯ ᠦᠭᠡᠢ ᠦᠯᠦ ᠪᠠᠶᠢᠳᠠᠭ᠃ ᠬᠡᠮᠡᠨ ᠵᠠᠷᠯᠢᠭ ᠪᠣᠯᠪᠠᠢ ᠅ 58᠂ ᠲᠡᠶᠢᠨ ᠪᠥᠭᠡᠳ ᠲᠡᠳᠡᠨ ᠦ ᠢᠲᠡᠭᠡᠯ ᠦᠭᠡᠢ ᠶᠢᠨ ᠰᠢᠯᠲᠠᠭ᠎ᠠ ᠪᠠᠷ ᠲᠡᠷᠡ ᠢᠨᠦ ᠣᠯᠠᠨ ᠭᠠᠶᠢᠬᠠᠮᠰᠢᠭ ᠲᠤ ᠦᠢᠯᠡᠰᠡ [ᠦᠢᠯᠡᠰ] ᠢ ᠲᠡᠨᠳᠡ ᠡᠰᠡ ᠦᠢᠯᠡᠳᠪᠡᠢ ᠅

Nke Ahọpụtara Ugbu A:

ᠮᠠᠳᠲ᠋ᠢᠢ 13: MB1840

Mee ka ọ bụrụ isi

Kesaa

Mapịa

None

Ịchọrọ ka echekwaara gị ihe ndị gasị ị mere ka ha pụta ìhè ná ngwaọrụ gị niile? Debanye aha gị ma ọ bụ mee mbanye